ᠨᠡᠪᠲᠡᠷᠡᠨ ᠤᠷᠤᠬᠤ
ᠬᠤᠯᠠ ᠶᠢᠨ ᠨᠤᠷᠵᠢᠮ᠎ᠠ

ᠠᠠᠳᠠ ᠡᠴᠠ ᠣᠳᠠᠰᠤ ᠢᠷᠡᠭᠦᠯᠵᠤ

ᠠᠢ᠌ᠯ ᠤᠨ ᠪᠦᠰᠡᠭᠦᠢ ᠨᠤᠷᠵᠢᠮ᠎ᠠ

ᠣᠳᠤ ᠪᠣᠯᠳᠠᠯ᠎ᠠ ᠴᠢᠮᠢ᠋ᠢ ᠮᠠᠷᠳᠠᠭ᠎ᠠ ᠥᠭᠡᠢ

ᠣᠠᠴᠠᠯᠠᠵᠤ ᠬᠠᠶᠠ ᠳᠤᠷᠠᠰᠳᠠᠭ ᠭᠡᠭᠦᠯᠡᠷ

ᠠᠯᠢᠶᠠᠬᠠᠨ ᠪᠠᠭ᠎ᠠ ᠨᠤᠷᠵᠢᠮ᠎ᠠ ᠠᠢ᠌ᠰᠤᠢ ᠬᠠᠷᠠᠭᠳᠠᠪᠠ

ᠠᠯᠠᠭᠬᠠᠨ ᠨᠢᠳᠤᠨ ᠳᠤ ᠮᠢᠨᠢ ᠨᠢᠯᠪᠤᠰᠤ  ᠳᠦᠭᠦᠷᠡᠪᠡ

ᠠᠯᠤᠰ ᠤᠨ ᠪᠠᠷ᠎ᠠ ᠴᠤ ᠪᠦᠷᠳᠦᠯᠵᠡᠭᠦ ᠰᠢᠭ᠌ ᠪᠣᠯᠪᠠ

ᠵᠢᠷᠢᠮ ᠤᠨ ᠳᠠᠯ᠎ᠠ ᠡᠴᠠ ᠵᠢᠨᠢᠩ ᠭᠦᠷᠳᠡᠯ᠎ᠡ

ᠵᠢᠠᠰᠢᠶᠠᠩ ᠤᠨ ᠳᠠᠪᠢᠯᠠᠩ ᠳᠤ ᠰᠡᠳᠭᠢᠯ ᠭᠦᠡᠳᠦᠭᠦᠷᠯᠡᠨ

ᠵᠢᠭᠦᠷ ᠦᠭᠡᠶ ᠰᠢᠪᠠᠭᠤ ᠰᠢᠭ᠌ ᠪᠢᠳᠠᠨ ᠤ ᠳᠤᠷᠠᠯᠠᠯ

ᠵᠢᠩ ᠤᠨ ᠴᠤᠪᠣᠭ᠎ᠠ ᠰᠢᠭ᠌ ᠬᠤᠯᠠ ᠦᠷᠭᠦᠯᠵᠢᠯᠡᠭᠡ ᠥᠭᠡᠢ


ᠷᠠᠰᠢᠶᠠᠠᠳᠤ ᠶᠢᠨ ᠵᠤᠭᠰᠤᠭᠠᠯ ᠳ᠋ᠤ

ᠠᠭᠢᠭᠠᠤᠨ ᠪᠢᠳᠠ ᠠᠭᠤᠯᠵᠠᠬᠤ ᠦᠭᠡᠶ ᠰᠢᠤ ᠭᠡᠵᠤ

ᠠᠶᠤᠤᠯᠢᠬᠠᠢ ᠴᠡᠭᠡᠵᠢᠨ ᠳᠤ ᠨᠢᠭᠤᠷ ᠶᠢᠡᠨ ᠨᠠᠭᠠᠨ ᠮᠡᠭ᠍ᠰᠢᠭᠦ ᠳ᠋ᠤ

ᠠᠷᠠᠢ ᠴᠤ ᠳ᠋ᠠ ᠮᠠᠭᠤ ᠨᠤᠷᠵᠢᠮ᠎ᠠ ᠪᠠᠨ ᠭᠡᠵᠤ ᠡᠮᠵᠡᠭᠯᠡᠨ

ᠠᠮᠢᠳᠤ ᠶᠠᠪᠣᠪᠠᠯ ᠠᠯᠳᠠᠨ ᠠᠶᠠᠭᠠᠨ ᠡᠴᠠ ᠣᠰᠤ ᠣᠤᠭᠤᠨ᠎ᠠ

ᠠᠯᠵᠠᠬᠤ ᠦᠭᠡᠶ ᠡ ᠠᠭᠤᠯᠵᠡᠯᠭᠦᠢ ᠪᠢᠳᠠ ᠭᠡᠵᠤ

ᠠᠮᠠᠨ ᠳᠠᠪᠠ ᠪᠠᠷ ᠶᠢᠡᠨ ᠳᠠᠮᠠᠢ ᠶᠠᠷᠢᠪᠠ ᠪᠢ


ᠬᠤᠯᠠ ᠪᠠᠢ᠌ᠭ᠎ᠠ ᠨᠤᠷᠵᠢᠮ᠎ᠠ ᠮᠢᠨᠢ ᠳ᠋ᠡ

ᠬᠤᠩᠭ᠋ᠤᠷ ᠶᠢᠡᠨ ᠭᠡᠵᠤ ᠨᠠᠮᠢ᠋ᠢ ᠪᠣᠤ ᠠᠠᠳᠠᠭᠤᠷᠠ

ᠬᠤᠨᠤᠭ ᠤᠨ ᠵᠡᠭᠦᠳᠤᠨ ᠳᠤ ᠡᠷᠭᠢᠯᠳᠦᠳᠡᠭ᠌ ᠭᠡᠯ᠎ᠡ ᠴᠤ

ᠬᠤᠷᠢᠨ ᠵᠢᠯ ᠶᠢᠡᠷ ᠵᠤᠯᠭᠠᠳᠠᠭ ᠦᠭᠡᠶ ᠠᠮᠠᠷᠠᠭ

ᠬᠤᠷᠸ᠎ᠠ ᠳᠤ ᠶᠠᠷᠤᠨᠢ ᠠᠯᠠᠭ᠎ᠠ ᠯᠠ ᠳ᠋ᠠ

ᠨᠠᠷᠠ ᠪᠣᠷᠤᠭᠤ ᠡᠷᠭᠢᠭᠦ ᠶᠤᠰᠤ ᠥᠭᠡᠢ

ᠨᠠᠮᠢ᠋ᠢ ᠴᠢ ᠢᠳᠡᠭᠡᠭᠦ ᠳᠤᠰᠠ ᠥᠭᠡᠢ

ᠬᠠᠢ᠌ᠷᠠᠯᠠᠵᠤ ᠪᠣᠯᠤᠭᠠᠤᠨ ᠬᠠᠨᠢᠯᠠᠵᠤ ᠴᠢᠳᠠᠳᠠᠭ ᠥᠭᠡᠢ

ᠬᠠᠷᠠᠴᠤ ᠶᠢᠨ ᠭᠦᠤ ᠳᠤ ᠰᠡᠳᠭᠢᠯ ᠤᠨ ᠵᠠᠢ ᠪᠦᠤ ᠥᠯᠡᠳᠡᠭᠡ


ᠳᠤᠩᠭ᠋ᠤᠢ ᠶᠢᠨ ᠵᠤ᠋ ᠭᠡᠭᠦ ᠳᠠᠯ᠎ᠠ ᠶᠢᠨ ᠴᠠᠭᠠᠨᠠᠭᠢ

ᠳᠤᠷᠠᠰᠤᠮᠵᠢ ᠳᠦᠭᠦᠷᠦᠭ᠍ᠰᠡᠨ ᠪᠢᠴᠢᠬᠠᠨ ᠳᠤᠪᠤᠨ ᠳᠡᠭᠡᠷ᠎ᠡ ᠡᠴᠠ

ᠳᠤᠷᠠᠠᠳᠠᠵᠤ ᠨᠠᠮᠢ᠋ᠢ ᠬᠠᠷᠠᠭᠤᠯᠳᠠᠬᠤ ᠪᠠᠨ ᠪᠠᠢ᠌ᠭ

ᠳᠤᠭᠤᠢ ᠮᠠᠯᠠᠭᠠᠢ ᠪᠠᠨ ᠳᠤᠬᠤᠳᠠᠭᠤᠯᠤᠨ

ᠳᠠᠭᠤᠤ ᠲᠡᠶ ᠣᠴᠢᠨ᠎ᠠ ᠭᠡᠵᠤ ᠰᠠᠨᠠᠬᠤ ᠭᠡᠷᠡᠭ᠌ ᠥᠭᠡᠢ

ᠳᠤᠷᠠᠯᠠᠯ ᠶᠠᠷᠤᠨᠢ ᠡᠭᠦᠷᠢᠳᠡ ᠶᠢᠨ ᠪᠢᠰᠢ ᠵᠠᠭᠤᠷᠠᠳᠤ ᠵᠢᠨ

ᠳᠤᠷ᠎ᠠ ᠲᠡᠶ ᠬᠤᠤᠰ ᠴᠤᠭ ᠪᠠᠢ᠌ᠬᠤ ᠨᠢ ᠵᠢᠮ᠎ᠠ ᠪᠢᠰᠢ ᠬᠣᠢ᠌ᠨ᠎ᠠ

ᠳᠤᠠᠳᠠᠷᠠᠭᠤᠯᠵᠤ ᠰᠡᠳᠭᠢᠯ ᠶᠢᠡᠨ ᠭᠤᠩᠰᠣᠢ᠌ᠯᠭᠠᠬᠤ ᠭᠡᠷᠡᠭ᠌ ᠦᠭᠡᠶ ᠡ ᠨᠤᠷᠵᠢᠮ᠎ᠠ ᠮᠢᠨᠢ

ᠳᠦᠴᠢ ᠶᠢᠨ ᠳᠦᠷᠦᠭᠡ ᠢᠰᠭᠦᠯᠦᠭ᠍ᠰᠡᠨ ᠪᠢᠳᠠᠨ ᠳ᠋ᠤ

ᠳᠦᠭᠦᠮᠭᠡᠨ ᠠᠮᠢᠳᠤᠷᠠᠯ ᠯᠠ ᠵᠤᠭᠢᠷᠠᠨ᠎ᠠ ᠪᠢᠵᠠ

ᠳᠡᠩᠳᠡᠭᠦᠤ ᠷᠤᠮᠠᠠᠳᠢᠭ ᠭᠦᠰᠡᠯ ᠵᠢᠠᠷ

ᠳᠡᠪᠠᠷᠭᠡᠵᠤ ᠰᠡᠳᠭᠢᠯ ᠶᠢᠡᠨ ᠵᠤᠪᠠᠭᠠᠭᠠᠤᠨ ᠶᠠᠭᠠᠭᠢᠨ᠎ᠠ ︖ ᠨᠤᠷᠵᠢᠮ᠎ᠠ ᠮᠢᠨᠢ


ᠵᠤᠬᠢᠶᠠᠭᠴᠢ ᠶᠢᠨ ᠬᠠ‍‌ᠶᠢᠭ ᠄ ᠣᠷᠠᠤᠨ

ᠵᠤᠬᠢᠶᠠᠭᠴᠢ᠄ ᠬᠠᠯᠳᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ