ᠨᠡᠪᠲᠡᠷᠡᠨ ᠤᠷᠤᠬᠤ
ᠬᠢᠵᠠᠭᠠᠷ (ᠴᠢᠴᠢᠬᠠᠷ) ᠬᠤᠲᠠ ᠶᠢᠨ ᠳᠤᠮᠤᠭ

ᠠᠪᠣ ᠡ᠂ ᠠᠪᠣ ᠡ ︕ ᠮᠠᠠᠳᠤ ᠦᠦ ︖

ᠠᠯᠢᠶ᠎ᠠ ᠵᠤ ᠱᠢ ᠯᠢᠩ ᠬᠠᠮᠢᠭᠠᠰᠢᠯᠠᠪᠠ ︖

ᠡᠵᠢ ᠡ᠂ ᠡᠵᠢ ᠡ ︕ ᠮᠠᠠᠳᠤ ᠦᠦ ︖

ᠡᠷᠭᠡ ᠵᠤ ᠱᠢ ᠯᠢᠩ ᠬᠠᠮᠢᠭᠠᠰᠢᠯᠠᠪᠠ ︖

ᠬᠤᠷᠳᠤᠨ ᠰᠢᠷᠭ᠎ᠠ ᠪᠠᠨ ᠪᠠᠷᠢᠶ᠎ᠠ

ᠬᠤᠨᠤᠭ ᠤᠨ ᠭᠠᠵᠠᠷ ᠭᠦᠢᠴᠡᠶ᠎ᠡ

ᠦᠷᠢᠶ᠎ᠠ ᠰᠢᠷᠭ᠎ᠠ ᠪᠠᠨ ᠪᠠᠷᠢᠶ᠎ᠠ

ᠦᠳᠡ ᠶᠢᠨ ᠭᠠᠵᠠᠷ ᠭᠦᠢᠴᠡᠶ᠎ᠡ

ᠪᠦᠳᠦᠭᠦᠨ ᠨᠠᠷᠢᠨ ᠭᠠᠩᠽᠢ ᠵᠢ

ᠵᠢᠭᠤᠪᠴᠢ ᠶᠢ ᠨᠢ ᠳᠠᠭᠠᠷᠠᠭᠤᠯᠤᠨ ᠠᠪᠣᠯ᠎ᠠ

ᠪᠦᠸᠧ ᠾᠧ ᠬᠤᠳᠠᠨ ᠤ ᠳᠠᠮᠠᠭᠢ ᠵᠢ

ᠨᠠᠪᠴᠢ ᠶᠢ ᠨᠢ ᠳᠠᠭᠠᠷᠠᠭᠤᠯᠤᠨ ᠠᠪᠣᠯ᠎ᠠ᠃

          ᠊᠊᠊᠊᠊᠊᠊᠊᠊᠊᠊᠊᠊᠊᠊ ᠳᠠᠭᠤᠤ ᠶᠢᠨ ᠥᠭᠡ ᠶᠢ ᠵᠠᠭᠠᠮᠠᠤᠨ ᠣᠪᠣᠭᠳᠤ ᠪᠠᠳᠮᠠᠵᠠᠪ ᠡᠴᠠ ᠳᠠᠭᠠᠤᠯᠠᠭᠰᠠᠨ ᠢ ᠳᠡᠮᠳᠡᠭᠯᠡᠨ ᠥᠯᠡᠳᠡᠭᠡᠪᠡ᠃


ᠴᠢᠴᠢᠬᠠᠷ ᠬᠤᠳᠠ ᠶᠢᠨ ᠥᠭᠡᠷ᠎ᠡ ᠨᠢᠭᠡᠨ ᠨᠠᠷ᠎ᠠ ᠶᠢ ᠥᠩᠭᠡᠷᠡᠭ᠍ᠰᠡᠨ ᠳᠡᠦᠭᠡᠨ ᠳᠤ 《ᠪᠦᠭᠡ》 ᠭᠡᠳᠡᠭ᠌᠃ ᠡᠨᠡᠭᠦ 《ᠪᠦᠭᠡ》 ᠶ᠋ᠢ ᠮᠠᠨᠠᠢ᠌ᠭᠢᠨ ᠤ ᠥᠭᠡᠯᠡᠳ ᠭᠦᠮᠦᠰ ᠭᠢᠳᠠᠤᠨ ᠠᠶᠠᠯᠠᠭᠤ ᠪᠠᠷ 《ᠪᠦᠸᠧ ᠾᠧ》 ᠭᠡᠵᠤ ᠭᠡᠯᠡᠳᠡᠭ᠌᠃

ᠴᠢᠴᠢᠬᠠᠷ ᠬᠤᠳᠠ ᠶᠢ ᠪᠠᠢ᠌ᠭᠤᠯᠬᠤ ᠡᠴᠠ ᠣᠷᠢᠳᠤ ᠴᠠᠭ ᠲᠤ ᠪᠦᠭᠡ ᠭᠡᠵᠤ ᠨᠡᠷᠡᠯᠡᠳᠡᠭ᠌᠃ ᠴᠢᠴᠢᠬᠠᠷ ᠭᠡᠳᠡᠭ᠌ ᠨᠢ ᠭᠢᠵᠠᠭᠠᠷ ᠭᠡᠳᠡᠭ᠌ ᠮᠤᠩᠭ᠋ᠤᠯ ᠥᠭᠡ ᠶᠤᠮ᠃ ᠴᠢᠴᠢᠬᠠᠷ ᠭᠡᠳᠡᠭ᠌ ᠭᠠᠵᠠᠷ ᠪᠣᠯᠪᠠᠯ ᠣᠳᠤᠭᠢ ᠴᠢᠴᠢᠬᠠᠷ ᠬᠤᠳᠠ ᠶᠢᠨ ᠪᠠᠷᠭᠤᠠᠳᠠᠢ ᠨᠤᠨ ᠮᠦᠷᠡᠨ ᠤ ᠪᠠᠷᠠᠭᠤᠨ ᠭᠦᠪᠠᠭᠡᠨ ᠳᠤ ᠪᠠᠢ᠌ᠭᠰᠠᠨ ᠨᠢᠭᠡᠨ ᠭᠠᠴᠠᠭ᠎ᠠ ᠪᠣᠯᠤᠨ᠎ᠠ᠃ ᠡᠭᠦᠨ ᠢ ᠥᠩᠭᠡᠷᠡᠭ᠍ᠰᠡᠨ ᠳᠤ 《ᠪᠦᠭᠡ》 ᠭᠡᠵᠤ ᠭᠡᠯᠡᠳᠡᠭ᠌ ᠪᠠᠢ᠌ᠭᠰᠠᠨ ᠨᠢ ᠪᠠᠰᠠ ᠨᠢᠭᠡᠨ ᠥᠯᠢᠭᠡᠷ ᠲᠡᠶ ᠶᠤᠮ᠃

ᠳᠡᠭᠦᠨ ᠤ ᠨᠢᠭᠡ ᠥᠯᠢᠭᠡᠷ ᠨᠢ ᠥᠩᠭᠡᠷᠡᠭ᠍ᠰᠡᠨ ᠳᠤ ᠬᠠᠷᠠᠮᠦ᠋ᠷᠡᠨ ᠤ ᠵᠠᠩᠵᠤᠨ ᠬᠤᠶᠠᠷ ᠬᠤᠭᠤᠴᠠᠭ᠎ᠠ ᠴᠢᠴᠢᠬᠠᠷ ᠤᠨ ᠭᠠᠵᠠᠷ ᠲᠤ ᠴᠡᠷᠢᠭ᠌ ᠠᠪᠬᠤ ᠰᠢᠯᠭᠠᠯᠳᠠ ᠭᠢᠵᠤ ᠴᠡᠷᠢᠭ᠌ ᠪᠣᠯᠬᠤ ᠭᠦᠮᠦᠰ ᠤᠨ ᠪᠠᠶ᠎ᠠ ᠮᠠᠬᠠᠪᠣᠤᠨ ᠢ ᠪᠦᠭᠡ ᠪᠠᠷᠢᠯᠳᠤᠭᠤᠯᠵᠤ ᠥᠵᠡᠳᠡᠭ᠌ ᠭᠡᠨ᠎ᠡ᠃ ᠡᠨᠡ ᠪᠦᠭᠡ ᠪᠠᠷᠢᠯᠳᠤᠭᠤᠯᠤᠭᠰᠠᠨ ᠭᠠᠵᠠᠷ ᠶᠢᠡᠨ 《ᠪᠦᠭᠡ》 ᠨᠠᠷᠠᠯᠠᠵᠠᠢ᠃

ᠨᠥᠭᠦᠭᠡ ᠨᠢᠭᠡᠨ ᠥᠯᠢᠭᠡᠷ ᠨᠢ ᠪᠣᠯ ᠴᠢᠩᠭᠢᠰ ᠬᠠᠭᠠᠨ ᠪᠠᠢ᠌ᠯᠳᠤᠭᠠᠨ ᠭᠢᠵᠤ ᠶᠠᠪᠣᠭᠰᠠᠭᠠᠷ ᠪᠠᠢ᠌ᠵᠤ ᠵᠡᠭᠦᠡᠰᠢ ᠢᠷᠡᠭᠡᠳ ᠨᠤᠨ ᠮᠦᠷᠡᠨ ᠤ ᠭᠦᠪᠠᠭᠡ ᠳ᠋ᠠᠭᠢ ᠴᠢᠴᠢᠬᠠᠷ ᠭᠠᠴᠠᠭ᠎ᠠ ᠳᠤ ᠪᠠᠢ᠌ᠯᠳᠤᠵᠤ ᠢᠯᠠᠭᠠᠤᠨ᠂ ᠢᠯᠠᠯᠳᠠ ᠪᠠᠨ ᠪᠠᠯᠡᠭᠯᠡᠵᠤ ᠶᠡᠭᠡ ᠨᠠᠢ᠌ᠷ ᠬᠤᠷᠢᠮ ᠭᠢᠵᠤ ᠣᠯᠠᠨ ᠴᠡᠷᠢᠭ᠌ ᠤᠳ ᠶᠢᠡᠨ ᠪᠦᠭᠡ ᠪᠠᠷᠢᠯᠳᠤᠭᠤᠯᠤᠭᠰᠠᠨ ᠭᠡᠨ᠎ᠡ᠃ ᠴᠡᠷᠢᠭ᠌ ᠤᠨ ᠪᠦᠭᠡ ᠪᠠᠷᠢᠯᠳᠤᠭᠰᠠᠨ ᠭᠠᠵᠠᠷ ᠢ 《ᠪᠦᠭᠡ》 ᠭᠡᠵᠤ ᠨᠠᠷᠠᠯᠠᠵᠠᠢ᠃

《ᠪᠦᠭᠡ》 ᠭᠡᠳᠡᠭ᠌ ᠨᠠᠷ᠎ᠠ ᠶᠢ ᠴᠢᠴᠢᠬᠠᠷ ᠭᠡᠵᠤ ᠰᠤᠯᠢᠭᠰᠠᠨ ᠤ ᠣᠴᠢᠷ ᠨᠢ ᠮᠠᠠᠵᠤ ᠴᠢᠩ ᠣᠯᠤᠰ ᠤᠨ ᠡᠩᠭᠡ ᠠᠮᠤᠭᠤᠯᠠᠩ ᠤᠨ ᠭᠤᠴᠢᠨ ᠨᠢ᠋ᠮᠠᠳᠤᠭᠠᠷ ᠣᠨ ᠳᠤ ᠪᠦᠭᠡ ᠭᠡᠳᠡᠭ᠌ ᠭᠠᠵᠠᠷ ᠲᠤ ᠭᠢᠵᠠᠭᠠᠷ ᠬᠤᠳᠠ ᠶᠢ ᠪᠠᠢ᠌ᠭᠤᠯᠵᠠᠢ᠃ ᠭᠢᠵᠠᠭᠠᠷ ᠭᠡᠳᠡᠭ᠌ ᠮᠤᠩᠭ᠋ᠤᠯ ᠥᠭᠡ ᠶᠢ ᠭᠢᠳᠠᠤᠨ ᠠᠪᠢᠶ᠎ᠠ ᠪᠠᠷ ᠥᠭᠡᠷᠡᠳᠡᠭᠦᠯᠤᠨ ᠴᠢᠴᠢᠬᠠᠷ ᠭᠡᠵᠤ ᠨᠠᠷᠠᠯᠠᠵᠠᠢ᠃

ᠡᠩᠭᠡ ᠠᠮᠤᠭᠤᠯᠠᠩ ᠤᠨ ᠭᠤᠴᠢᠨ ᠨᠢ᠋ᠮᠠᠳᠤᠭᠠᠷ ᠣᠨ ᠳᠤ ᠬᠠᠷᠠᠮᠦ᠋ᠷᠡᠨ ᠵᠠᠩᠵᠤᠨ ᠤ ᠵᠠᠭᠢᠶ᠎ᠠ ᠪᠠᠷ ᠨᠤᠨ ᠮᠦᠷᠡᠨ ᠤ ᠪᠠᠷᠠᠭᠤᠠᠳᠠᠭᠢ ᠭᠢᠵᠠᠭᠠᠷ ᠠᠢ᠌ᠯ ᠳᠤ ᠬᠤᠳᠠ ᠪᠠᠢ᠌ᠭᠤᠯᠬᠤ ᠪᠠᠷ ᠡᠯᠳᠡᠪ ᠵᠣᠢ᠌ᠯ ᠤᠨ ᠪᠠᠷᠢᠯᠭ᠎ᠠ ᠶᠢᠨ ᠭᠡᠷᠡᠭ᠍ᠰᠡᠯ ᠮᠤᠳᠤ ᠴᠢᠯᠠᠭᠤ ᠵᠥᠭᠡᠭᠡᠵᠤ ᠠᠪᠴᠢᠷᠠᠪᠠ᠃ ᠨᠢᠭᠡᠨ ᠰᠦᠨᠢ ᠭᠡᠨᠡᠳᠲᠡ ᠪᠠᠷ ᠨᠤᠨ ᠮᠦᠷᠡᠨ ᠤ ᠳᠡᠭᠡᠭᠦᠷ ᠶᠡᠭᠡ ᠰᠠᠯᠭᠢᠨ ᠬᠣᠢ᠌ᠯᠠᠷᠠᠨ ᠪᠣᠰᠴᠤ ᠮᠦᠷᠡᠨ ᠤ ᠣᠰᠤ ᠴᠠᠯᠭᠢᠯᠠᠨ ᠭᠠᠷᠴᠤ᠂ ᠬᠠᠮᠤᠭ ᠪᠠᠷᠢᠯᠭ᠎ᠠ ᠶᠢᠨ ᠭᠡᠷᠡᠭ᠍ᠰᠡᠯ ᠢ ᠭᠡᠢ᠌ᠰᠭᠡᠭᠦ ᠲᠡᠶ ᠣᠷᠤᠰᠬᠠᠬᠤ ᠲᠡᠶ ᠬᠠᠮᠳᠤ ᠬᠤᠮᠢᠵᠤ ᠠᠪᠴᠢᠷᠠᠨ ᠪᠦᠭᠡ ᠭᠡᠳᠡᠭ᠌ ᠭᠠᠵᠠᠷ ᠲᠤ ᠭᠠᠷᠭᠠᠴᠢᠬᠠᠵᠠᠢ᠃ ᠮᠠᠷᠭᠠᠰᠢ ᠦᠷᠯᠦᠭᠡ ᠨᠢ ᠪᠠᠷᠢᠯᠭᠠᠴᠢᠨ ᠢᠷᠠᠵᠤ ᠥᠵᠡᠭᠡᠳ ᠮᠠᠯ ᠭᠠᠢ᠌ᠬᠠᠵᠠᠢ᠃ ᠪᠠᠷᠢᠯᠭ᠎ᠠ ᠶᠢᠨ ᠭᠡᠷᠡᠭ᠍ᠰᠡᠯ ᠤᠳ ᠨᠢᠭᠡ ᠯᠠ ᠰᠦᠨᠢ ᠶᠢᠨ ᠬᠤᠭᠤᠷᠤᠠᠳᠤ ᠠᠯᠠᠭ᠎ᠠ ᠪᠣᠯᠴᠢᠬᠠᠵᠠᠢ᠃ ᠡᠷᠢᠭ᠍ᠰᠡᠭᠡᠷ ᠪᠠᠢ᠌ᠭᠠᠤᠨ ᠣᠯᠤᠭᠠᠤᠨ ᠠᠪᠴᠠᠢ᠃

ᠡᠭᠦᠨ ᠳᠤ ᠤᠢ᠌ᠷ᠎ᠡ ᠬᠠᠪᠢ ᠠᠢ᠌ᠯ ᠤᠨ ᠦᠳᠡᠯ᠎ᠠ ᠨᠠᠰᠤᠳᠠᠨ᠂ ᠠᠷᠠᠤᠨ ᠣᠯᠠᠨ᠂ ᠠᠯᠪᠠᠨ ᠨᠤᠶᠠᠨᠳᠠᠨ ᠴᠡᠷᠢᠭ᠌ ᠤᠳ ᠢᠷᠠᠵᠤ ᠥᠵᠡᠭᠡᠳ ᠡᠨᠡ ᠯᠠᠪ ᠳᠡᠭ᠍ᠷᠢ ᠶᠢᠨ ᠵᠦᠢ ᠶᠤᠰᠤᠨ ᠳᠤᠯᠠ ᠵᠦᠷᠢᠴᠠᠵᠤ ᠪᠣᠯᠬᠤ ᠦᠭᠡᠶ ᠭᠡᠳ ᠮᠦᠨ ᠡᠨᠡ ᠭᠠᠵᠠᠷ ᠲᠤ ᠬᠤᠳᠠ ᠪᠠᠢ᠌ᠭᠤᠯᠵᠠᠢ᠃ ᠢᠩᠭᠢᠭᠡᠳ ᠣᠭ ᠪᠠᠢ᠌ᠭᠰᠠᠨ ᠨᠠᠷ᠎ᠠ ᠪᠠᠷ ᠬᠤᠳᠠ ᠪᠠᠨ ᠭᠢᠵᠠᠭᠠᠷ (ᠴᠢᠴᠢᠬᠠᠷ) ᠭᠡᠵᠤ ᠨᠠᠷᠠᠯᠠᠵᠠᠢ᠃

ᠳᠤᠬᠠᠢ ᠶᠢᠨ ᠦᠶ᠎ᠡ ᠳᠤ ᠪᠦᠭᠡ ᠬᠤᠳᠠ ᠠᠷᠠᠯᠵᠠᠶ᠎ᠠ ᠮᠠᠢ᠌ᠮᠠᠢ ᠮᠠᠰᠢ ᠭᠦᠭ᠍ᠵᠢᠶᠡᠨ ᠲᠡᠶ ᠪᠠᠢ᠌ᠭᠰᠠᠨ ᠭᠠᠵᠠᠷ ᠭᠡᠨ᠎ᠡ᠃

ᠥᠭᠡᠯᠡᠳᠴᠥᠳ ᠭᠦᠯᠤᠨ ᠪᠣᠢ᠌ᠷ ᠲᠤ ᠢᠷᠡᠭ᠍ᠰᠡᠨ ᠤ ᠳᠠᠷᠠᠭ᠎ᠠ ᠪᠦᠭᠡ ᠬᠤᠳᠠᠨ ᠳᠤ ᠳᠡᠮᠡᠭᠡᠨ ᠳᠡᠷᠭᠡ᠂ ᠥᠭᠡᠷ ᠳᠡᠷᠭᠡ ᠪᠠᠷ ᠠᠶᠠᠨ ᠳᠡᠭᠡᠭᠡᠪᠦᠷᠢ ᠶᠠᠪᠣᠵᠤ ᠡᠭᠢᠯᠡᠪᠡ᠃ ᠳᠠᠷᠠ ᠦᠶᠡᠰ ᠲᠤ ᠥᠭᠡᠯᠡᠳ ᠤᠨ ᠥᠭᠡᠷ ᠳᠡᠷᠭᠡᠨ ᠤ ᠪᠣᠯᠤ ᠳᠤ ᠴᠦᠸᠠᠨ ᠭᠡᠳᠡᠭ᠌ ᠳᠠᠮᠤᠷ ᠴᠠᠭᠠᠷᠢᠭ ᠪᠠᠢ᠌ᠭ᠎ᠠ ᠦᠭᠡᠶ᠃ ᠳᠡᠷᠭᠡᠨ ᠤ ᠪᠣᠯᠤ ᠵᠠᠮ ᠳᠤ ᠡᠯᠡᠭ᠍ᠳᠡᠨ ᠭᠦᠡᠳᠡᠢ᠌ᠷᠡᠭᠡᠳ ᠪᠣᠴᠠᠵᠤ ᠢᠷᠡᠭᠦ ᠥᠭᠡᠷ ᠳᠡᠷᠭᠡᠨ ᠤ ᠡᠯᠡᠭ᠍ᠳᠡᠭ᠍ᠰᠡᠨ ᠪᠣᠯᠤ ᠶᠢᠨ ᠭᠢᠬᠤᠨᠠᠭᠰᠠᠨ ᠳᠠᠭᠤᠨ ᠨᠢ ᠰᠢᠷ᠎ᠠ ᠳᠠᠪᠠᠭ᠎ᠠ ᠡᠴᠠ ᠪᠣᠷᠤᠳᠤ ᠶᠢᠨ ᠠᠢ᠌ᠯ ᠳᠤ ᠭᠦᠷᠳᠡᠯ᠎ᠡ ᠰᠤᠨᠤᠰᠳᠠᠳᠠᠭ ᠭᠡᠨ᠎ᠡ᠃ ᠨᠠᠨ ᠴᠦᠸᠠᠨ ᠢ ᠪᠦᠭᠡ ᠬᠤᠳᠠᠨ ᠡᠴᠠ ᠠᠪᠴᠤ ᠭᠡᠷᠡᠭᠯᠡᠭᠦ ᠪᠣᠯᠤᠭᠰᠠᠨ ᠡᠴᠠ ᠥᠭᠡᠯᠡᠳ ᠤᠨ ᠥᠭᠡᠷ ᠳᠡᠷᠭᠡᠨ ᠳᠤ ᠴᠦᠸᠠᠨ ᠲᠡᠶ ᠪᠣᠯᠵᠠᠢ᠃ ᠠᠶᠠᠨ ᠳᠡᠭᠡᠭᠡᠪᠦᠷᠢ ᠳᠤ ᠪᠣᠯ ᠳᠡᠮᠡᠭᠡᠨ ᠳᠡᠷᠭᠡ ᠨᠢ ᠥᠭᠡᠷ ᠳᠡᠷᠭᠡᠨ ᠡᠴᠠ ᠬᠤᠷᠳᠤᠨ ᠪᠦᠭᠡᠳ ᠡᠳ᠋ᠯᠡᠭᠦᠷ ᠲᠡᠶ ᠪᠠᠢ᠌ᠳᠠᠭ ᠭᠡᠨ᠎ᠡ᠃ ᠥᠭᠡᠷ ᠳᠡᠷᠭᠡ ᠪᠠᠷ ᠪᠦᠭᠡ ᠬᠤᠳᠠᠨ ᠳᠤ ᠣᠴᠢᠭᠠᠤᠨ ᠢᠷᠠᠳᠠᠯ᠎ᠠ ᠰᠠᠷ᠎ᠠ ᠭᠠᠷᠤᠢ ᠶᠠᠪᠣᠬᠤ ᠶᠤᠮ ᠦᠦ᠂ ᠳᠡᠭᠦᠨ ᠡᠴᠠ ᠣᠷᠳᠤ ᠬᠤᠭᠤᠴᠠᠭ᠎ᠠ ᠭᠡᠷᠡᠭᠯᠡᠳᠡᠭ᠌ ᠭᠡᠰᠡᠨ᠃

ᠡᠪᠦᠯ ᠴᠠᠭ ᠤᠨ ᠠᠶᠠᠨ ᠳᠡᠭᠡᠭᠡᠪᠦᠷᠢ ᠨᠢ ᠬᠤᠯᠠ ᠵᠠᠮ᠂ ᠭᠢᠩᠭ᠋ᠠᠨ ᠠᠭᠤᠯᠠ ᠶᠢ ᠳᠠᠪᠠᠵᠤ ᠪᠠᠢ᠌ᠳᠠᠯ᠎ᠠ ᠪᠢᠳᠡᠭᠦᠨ ᠡᠴᠠ ᠡᠮᠦᠨ᠎ᠡ ᠪᠣᠴᠠᠵᠤ ᠢᠷᠠᠵᠤ ᠠᠮᠵᠢᠬᠤ ᠦᠭᠡᠶ ᠪᠣᠯ ᠠᠶᠠᠨ ᠤ ᠭᠦᠮᠦᠰ ᠭᠦᠳᠡᠭᠡ ᠭᠠᠳᠠᠨ᠎ᠠ ᠵᠠᠮ ᠳᠠᠭᠠᠨ ᠥᠪᠠᠷᠳᠡᠭᠡᠨ ᠰᠢᠨᠡᠯᠡᠴᠢᠳᠡᠭ᠌ ᠭᠡᠨ᠎ᠡ᠃ ᠰᠢᠨᠡᠯᠡᠭᠦ ᠪᠣᠭᠤᠷᠰᠤᠭ ᠭᠢᠭᠦ ᠭᠡᠵᠤ ᠣᠢ᠌ᠮᠠᠵᠤ ᠪᠠᠢ᠌ᠳᠠᠯ᠎ᠠ ᠳᠤᠭᠤᠭ᠎ᠠ ᠲᠡᠶ ᠳᠤᠰᠤᠨ ᠳᠤ ᠭᠠᠯ ᠠᠪᠣᠯᠴᠠᠵᠤ ᠭᠠᠯ ᠨᠢ ᠶᠡᠭᠡᠳᠦᠭᠡᠳ ᠠᠶᠠᠨ ᠤ ᠳᠤᠪᠣ ᠶᠢᠨ ᠳᠤᠮᠳᠠ ᠡᠴᠠ ᠱᠤᠩᠭ᠋ᠤᠨ ᠭᠠᠷᠴᠤ ᠢᠷᠡᠵᠡᠭᠡᠯ᠎ᠡ ᠭᠡᠵᠤ ᠠᠶᠠᠠᠴᠢᠳ ᠠᠶᠠᠨ ᠤ ᠵᠠᠮ ᠤᠨ ᠵᠤᠭᠤᠭ ᠳᠡᠯᠭᠡᠳᠡᠭ᠌ ᠨᠢ ᠣᠳᠤ ᠴᠤ ᠪᠣᠯᠪᠠ ᠳᠤᠷᠠᠰᠤᠭᠳᠠᠵᠤ ᠢᠨᠢᠶᠠᠳᠤ ᠪᠣᠯᠳᠠᠭ᠃

ᠠᠶᠠᠨ ᠤ ᠭᠦᠮᠦᠰ ᠥᠭᠡᠷ ᠮᠠᠯ ᠶᠢᠡᠨ ᠪᠦᠸᠧ ᠾᠧ ᠬᠤᠳᠠᠨ ᠳᠤ ᠠᠪᠠᠴᠢᠨ ᠬᠤᠳᠠᠯᠳᠤᠵᠤ ᠠᠮᠢᠳᠤᠷᠠᠯ ᠤᠨ ᠭᠡᠷᠡᠭ᠍ᠰᠡᠯ ᠠᠪᠴᠢᠷᠠᠳᠠᠭ᠃ ᠠᠶᠠᠨ ᠤ ᠳᠡᠷᠭᠡ ᠪᠣᠴᠠᠬᠤ ᠵᠠᠮ ᠳᠠᠭᠠᠨ ᠭᠢᠩᠭ᠋ᠠᠨ ᠤ ᠨᠢᠭᠡᠨ ᠳᠠᠪᠠᠭ᠎ᠠ ᠶᠢ ᠳᠠᠪᠠᠵᠤ ᠪᠠᠢ᠌ᠳᠠᠯ᠎ᠠ ᠨᠢᠭᠡᠨ ᠪᠢᠷᠠᠭᠤ ᠬᠤᠯᠠ ᠡᠴᠠ ᠮᠥᠭᠡᠷᠡᠭ᠍ᠰᠡᠭᠡᠷ ᠪᠠᠢ᠌ᠵᠤ ᠭᠦᠷᠴᠤ ᠢᠷᠠᠵᠠᠢ᠃ ᠡᠨᠡ ᠪᠢᠷᠠᠭᠤ ᠶᠢ ᠬᠤᠳᠠᠯᠳᠤᠭᠰᠠᠨ ᠪᠠᠢ᠌ᠵᠤ ᠭᠡᠨ᠎ᠡ᠃ ᠪᠢᠷᠠᠭᠤ ᠭᠦᠢᠴᠡᠵᠤ ᠭᠦᠷᠴᠤ ᠢᠷᠡᠭ᠍ᠰᠡᠨ ᠳᠠᠪᠠᠭ᠎ᠠ ᠶᠢ ᠠᠶᠠᠨ ᠤ ᠭᠦᠮᠦᠰ ᠪᠢᠷᠠᠭᠤᠳᠤ ᠶᠢᠨ ᠳᠠᠪᠠᠭ᠎ᠠ ᠭᠡᠵᠤ ᠳᠤᠷᠠᠰᠬᠠᠨ ᠥᠯᠡᠳᠡᠭᠡᠵᠡᠢ᠃

ᠪᠠᠰᠠ ᠡᠭ᠍ᠴᠡ ᠥᠭᠡᠳᠡ ᠳᠠᠪᠠᠬᠤ ᠳᠤ ᠭᠦᠴᠢᠷ ᠲᠡᠶ ᠨᠢᠭᠡᠨ ᠳᠠᠪᠠᠭ᠎ᠠ ᠶᠢ ᠵᠢᠳᠠᠨ ᠳᠠᠪᠠᠭ᠎ᠠ ᠭᠡᠳᠡᠭ᠌᠃ ᠡᠨᠡ ᠵᠢᠳᠠᠨ ᠳᠠᠪᠠᠭ᠎ᠠ ᠶᠢ ᠡᠩ ᠤᠨ ᠱᠠᠷ ᠭᠦᠡᠳᠤ ᠠᠴᠢᠶ᠎ᠠ ᠪᠠᠨ ᠴᠢᠷᠴᠤ ᠵᠢᠳᠠᠨ ᠢ ᠳᠠᠪᠠᠵᠤ ᠳᠡᠢ᠌ᠯᠳᠡᠭ᠌ ᠦᠭᠡᠶ ᠪᠣᠯᠬᠤᠷ ᠪᠦᠳᠦᠭᠦᠨ ᠴᠢᠳᠠᠯ ᠲᠡᠶ ᠱᠠᠷ ᠤᠳ ᠢ ᠠᠪᠴᠢᠷᠠᠨ ᠠᠴᠢᠶ᠎ᠠ ᠪᠠᠨ ᠵᠢᠳᠭᠦᠭᠦᠯᠦᠨ᠎ᠡ᠃ ᠡᠭᠦᠨ ᠡᠴᠠ ᠠᠯᠢ ᠠᠢ᠌ᠯ ᠤᠨ ᠭᠡᠨ ᠭᠡᠨ ᠤ ᠱᠠᠷ ᠭᠡᠵᠤ ᠱᠠᠷ ᠤᠨ ᠮᠠᠭᠳᠠᠭᠠᠯ ᠭᠠᠷᠴᠤ᠂ ᠬᠠᠭᠤᠴᠢᠨ ᠥᠭᠡᠯᠡᠳ ᠤᠨ ᠮᠤᠷᠢ ᠣᠷᠤᠯᠳᠤᠭᠠᠨ ᠳᠤ ᠳᠦᠷᠦᠭᠦᠯᠵᠤ᠂ ᠱᠠᠷ ᠤᠳ ᠨᠢ ᠳᠠᠪᠠᠭᠠᠨ ᠳᠤ ᠣᠷᠣᠢ᠌ᠯᠠᠳᠠᠭ ᠭᠡᠰᠡᠨ ᠥᠭᠡ ᠦᠯᠠᠳᠠᠵᠠᠢ᠃



ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7499
ᠴᠠᠭ᠄ 2012 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ