☆ ᠲ·ᠲᠦᠷᠭᠡᠨᠪᠠᠶᠠᠷ
ᠭᠦᠰᠡᠯ ᠤᠨ ᠬᠠᠷᠢᠭᠤ ᠳᠡᠯᠭᠡᠴᠡ ᠮᠢᠨᠢ
(ᠳᠠᠭᠤᠤ ᠶᠢᠨ ᠥᠭᠡ)
ᠬᠤᠨ ᠤ ᠣᠶᠠᠷᠠᠭᠤᠨ ᠡᠭᠡᠰᠢᠭ᠌ ᠮᠢᠨᠢ
ᠬᠤᠩᠭ᠋ᠤᠷ ᠵᠢᠷᠦᠭᠡᠨ ᠤ ᠣᠶᠠᠩᠭ᠋᠎ᠠ ᠪᠢᠯᠠ
ᠭᠦᠭᠡ ᠮᠤᠩᠭ᠋ᠤᠯ ᠨᠤᠳᠤᠭ ᠤᠨ ᠮᠢᠨᠢ
ᠭᠦᠭ᠍ᠵᠢᠯ ᠤᠨ ᠰᠠᠢ᠌ᠬᠠᠨ ᠵᠦᠩᠨᠠᠯ ᠪᠢᠯᠠ
ᠭᠦᠰᠡᠯ ᠤᠨ ᠬᠠᠷᠢᠭᠤ ᠳᠡᠯᠭᠡᠴᠡ ᠮᠢᠨᠢ
ᠭᠦᠭᠦᠭᠡ ᠰᠢᠪᠠᠭᠤ ᠶᠢᠨ ᠳᠤᠩᠭ᠋ᠤᠳᠤᠭᠠ ᠪᠢᠯᠠ
ᠨᠢᠰᠦᠭᠡᠤᠨ ᠭᠦᠷᠭᠦ ᠦᠭᠡᠶ ᠭᠠᠵᠠᠷ ᠡᠴᠡ
ᠨᠠᠢ᠌ᠵᠠ ᠨᠥᠭᠦᠤᠨ ᠲᠡᠶ ᠮᠢᠨᠢ ᠵᠤᠯᠭᠠᠭᠤᠯᠳᠠᠭ ᠪᠢᠯᠠ
ᠨᠠᠰᠤᠳᠠᠨ ᠪᠣᠭᠤᠷᠠᠯ ᠬᠤᠶᠠᠷ ᠲᠤ ᠮᠢᠨᠢ
ᠨᠢᠩᠵᠢᠨ ᠰᠠᠤᠠᠭᠢᠯ ᠢ ᠮᠢᠨᠢ ᠮᠡᠳᠡᠭᠦᠯᠳᠡᠭ᠌ ᠪᠢᠯᠠ
ᠭᠦᠰᠡᠯ ᠤᠨ ᠬᠠᠷᠢᠭᠤ ᠳᠡᠯᠭᠡᠴᠡ ᠮᠢᠨᠢ
ᠭᠦᠭᠦᠭᠡ ᠰᠢᠪᠠᠭᠤ ᠶᠢᠨ ᠳᠤᠩᠭ᠋ᠤᠳᠤᠭᠠ ᠪᠢᠯᠠ
ᠠᠯᠤᠰ ᠤᠨ ᠠᠵᠢᠯ ᠤᠨ ᠶᠠᠭᠠᠷᠠᠤ ᠵᠢ
ᠠᠮᠠᠷᠠᠭ ᠬᠤᠩᠭ᠋ᠤᠷ ᠲᠤ ᠮᠢᠨᠢ ᠭᠦᠷᠭᠡᠳᠡᠭ᠌ ᠪᠢᠯᠠ
ᠠᠵᠢᠯᠰᠠᠭ ᠣᠯᠠᠨ ᠮᠤᠩᠭ᠋ᠤᠯᠴᠤᠳ ᠤᠨ ᠮᠢᠨᠢ
ᠠᠭᠤᠯᠵᠠᠵᠤ ᠵᠤᠯᠭᠠᠬᠤ ᠶᠢᠨ ᠢᠷᠦᠭᠡᠯ ᠪᠢᠯᠠ
ᠭᠦᠰᠡᠯ ᠤᠨ ᠬᠠᠷᠢᠭᠤ ᠳᠡᠯᠭᠡᠴᠡ ᠮᠢᠨᠢ
ᠭᠦᠭᠦᠭᠡ ᠰᠢᠪᠠᠭᠤ ᠶᠢᠨ ᠳᠤᠩᠭ᠋ᠤᠳᠤᠭᠠ ᠪᠢᠯᠠ
(ᠳᠤᠰ ᠳᠠᠭᠤᠤ ᠶᠢᠨ ᠰᠢᠯᠦᠭ᠌ ᠢ ᠲ·ᠲᠦᠷᠭᠡᠨᠪᠠᠶᠠᠷ ᠵᠤᠬᠢᠶᠠᠵᠤ ᠠᠶ᠎ᠠ ᠶᠢ ᠵᠠᠷᠤᠳ ᠬᠤᠰᠢᠭᠤᠨ ᠤ ᠣᠷᠠᠯᠢᠭᠴᠢᠨ ᠬᠤᠳᠠᠯᠠ ᠵᠤᠬᠢᠶᠠᠪᠠ᠃ ᠦᠪᠣᠷ ᠮᠤᠩᠭ᠋ᠤᠯ ᠤᠨ ᠮᠤᠩᠭ᠋ᠤᠯ ᠣᠳᠤᠨ ᠳᠸᠯᠸᠢᠰ ᠤᠨ 《ᠭᠦᠰᠡᠯ ᠤᠨ ᠬᠠᠷᠢᠭᠤ》 ᠲ᠋ᠡᠯᠭᠡᠴᠡ ᠳᠤ ᠵᠤᠷᠢᠭᠤᠯᠵᠤ ᠵᠤᠬᠢᠶᠠᠭᠰᠠᠨ ᠪᠦᠭᠡᠤᠨ ᠥᠨᠤ 《ᠭᠦᠰᠡᠯ ᠤᠨ ᠬᠠᠷᠢᠭᠤ》 ᠲ᠋ᠡᠯᠭᠡᠴᠡ ᠶᠢᠨ ᠭᠤᠤᠯ ᠳᠠᠭᠤᠤ ᠪᠠᠷ ᠳᠠᠭᠤᠯᠠᠭᠳᠠᠵᠤ ᠪᠣᠢ᠃ )
ᠵᠤᠬᠢᠶᠠᠭᠴᠢ᠄ ᠲ·ᠲᠦᠷᠭᠡᠨᠪᠠᠶᠠᠷ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3250
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ