☆ ᠭᠦᠷᠵᠡᠪ
ᠭᠡᠦᠭᠡᠡᠴᠦᠳ
ᠭᠡᠦᠭᠡᠡᠴᠦᠳ ᠪᠣᠯ ᠪᠣᠷᠤᠭᠠᠨ
ᠣᠶᠠᠬᠠᠨ ᠵᠥᠭᠡᠯᠡᠭᠡᠨ ᠠᠮᠢᠰᠬᠤᠯ ᠶᠢᠠᠷ ᠰᠢᠪᠠᠷᠠᠵᠤ
ᠭᠤᠶᠤᠬᠠᠨ ᠴᠡᠭᠡᠯᠭᠡᠨ ᠠᠶᠠᠰ ᠶᠢᠠᠷ ᠨᠠᠮᠢᠷᠠᠵᠤ
ᠭᠤᠷᠤᠬᠠᠨ ᠠᠯᠠᠭᠬᠠᠨ ᠨᠢᠳᠤ ᠪᠠᠷ ᠳᠠᠯᠮᠠᠢ᠌ᠷᠠᠬᠤ
ᠪᠣᠷᠤᠭᠠᠨ
ᠭᠡᠦᠭᠡᠡᠴᠦᠳ ᠪᠣᠯ ᠰᠤᠯᠤᠩᠭ᠎ᠠ
ᠰᠤᠳᠤᠬᠠᠨ ᠬᠤᠷᠴᠠ ᠥᠩᠭᠡ ᠪᠠᠷ ᠮᠢᠷᠠᠯᠵᠠᠵᠤ
ᠰᠤᠨᠢᠬᠠᠨ ᠬᠠᠴᠢᠨ ᠭᠦᠰᠡᠯ ᠶᠢᠡᠷ ᠲ᠋ᠦᠯᠡᠯᠵᠡᠵᠤ
ᠰᠤᠷᠭᠤᠭᠬᠠᠨ ᠴᠠᠴᠠᠨ ᠪᠣᠳᠤᠯ ᠶᠢᠠᠷ ᠰᠤᠪᠣᠳᠷᠠᠬᠤ
ᠰᠤᠯᠤᠩᠭ᠎ᠠ
ᠭᠡᠦᠭᠡᠡᠴᠦᠳ ᠪᠣᠯ ᠡᠭᠦᠯᠡ
ᠬᠤᠯᠠ ᠶᠢᠨ ᠳᠡᠷᠭᠡᠯ ᠵᠠᠢ ᠪᠠᠷ ᠭᠦᠪᠪᠦᠯᠵᠡᠵᠤ
ᠬᠤᠷᠢᠭ᠎ᠠ ᠦᠭᠡᠶ ᠳᠡᠨᠢᠭᠡᠷ ᠰᠡᠳᠭᠢᠯ ᠶᠢᠠᠷ ᠰᠠᠩᠭᠢᠨᠠᠵᠤ
ᠬᠤᠩᠭ᠋ᠤᠷᠬᠠᠨ ᠴᠡᠭᠡᠨ ᠨᠢᠯᠪᠣᠰᠤ ᠪᠠᠷ ᠮᠡᠯᠳᠡᠷᠡᠭᠦ
ᠡᠭᠦᠯᠡ
ᠭᠡᠦᠭᠡᠡᠴᠦᠳ ᠪᠣᠯ ᠪᠣᠯᠵᠤᠮᠤᠷ
ᠰᠡᠮᠭᠡᠨ ᠰᠡᠷᠭᠡᠭ᠌ ᠳᠠᠭᠤ ᠪᠠᠷ ᠰᠢᠪᠠᠨᠠᠵᠤ
ᠰᠡᠷᠭᠦᠯᠡᠩᠭᠡᠨ ᠣᠷᠠᠨ ᠭᠦᠳᠡᠯᠦᠯ ᠶᠢᠡᠷ ᠳᠠᠪᠳᠠᠷᠢᠵᠤ
ᠰᠡᠴᠡᠩᠭᠡᠨ ᠣᠬᠠᠭᠠᠯᠢᠭ ᠬᠠᠷᠠᠴᠠ ᠪᠠᠷ ᠬᠠᠨᠢᠰᠬᠤ
ᠪᠣᠯᠵᠤᠮᠤᠷ
1994.11.26 ᠳ᠋ᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ