☆ ᠳᠡᠭ᠍ᠷᠢᠡᠰᠡᠯᠭᠢ
ᠰᠡᠳᠭᠢᠯ ᠳᠤ ᠡᠭᠡᠯᠢᠳᠡᠢ ᠡᠭᠡ ᠣᠷᠤᠨ
ᠰᠥ᠋ ᠢᠪᠢᠯᠭᠡᠳᠡᠭ᠌
ᠰᠠᠭᠠᠯᠢᠴᠢᠨ ᠡᠵᠢ ᠶᠢᠨ ᠳᠤᠰᠤ ᠲᠡᠶ ᠬᠤᠷᠮᠤᠢ ᠮᠤᠩᠭ᠋ᠤᠯ ᠦᠨᠦᠷ ᠳᠠᠢ
ᠰᠥᠷᠦᠭ᠌ ᠬᠠᠷᠢᠭᠤᠯᠳᠠᠭ
ᠠᠳᠤᠭᠤᠴᠢᠨ ᠠᠪᠣ ᠶᠢᠨ ᠭᠦᠯᠦᠰᠤ ᠲᠡᠶ ᠣᠷᠭ᠎ᠠ ᠮᠤᠩᠭ᠋ᠤᠯ ᠰᠢᠳ᠋ ᠲᠡᠶ᠃
ᠡᠩᠭᠡ ᠵᠥᠩᠨᠡᠳᠡᠭ᠌
ᠬᠠᠳᠠᠭ ᠤᠨ ᠵᠥᠭᠡᠯᠡᠨ ᠨᠠᠮᠢᠷᠠᠭ᠎ᠠ ᠮᠤᠩᠭ᠋ᠤᠯ ᠰᠡᠪᠠᠯᠵᠡᠭᠡ ᠳᠠᠢ
ᠡᠰᠡᠨᠢᠯ ᠭᠦᠭ᠍ᠵᠢᠭᠡᠳᠡᠭ᠌
ᠳᠤᠯᠭᠠᠨ ᠤ ᠬᠤᠷᠴᠠ ᠲᠦᠯᠦ ᠮᠤᠩᠭ᠋ᠤᠯ ᠢᠯᠴᠢ ᠲᠡᠶ᠃
ᠳᠠᠭᠤᠤ ᠠᠶᠠᠯᠤᠳᠠᠭ
ᠣᠰᠤᠨ ᠤ ᠨᠠᠮᠤᠭᠤᠬᠠᠨ ᠳᠤᠯᠭᠢᠶ᠎ᠠ ᠮᠤᠩᠭ᠋ᠤᠯ ᠬᠡ ᠳᠠᠢ
ᠳᠤᠷᠠᠰᠤᠮᠵᠢ ᠬᠠᠳᠠᠭᠠᠯᠠᠳᠠᠭ
ᠠᠭᠤᠯᠠᠨ ᠤ ᠳᠤᠯᠠᠭᠠᠬᠠᠨ ᠪᠠᠷ᠎ᠠ ᠮᠤᠩᠭ᠋ᠤᠯ ᠨᠦᠮᠦᠷᠢ ᠲᠡᠶ᠃
ᠨᠠᠰᠤ ᠳᠤᠭᠠᠯᠠᠳᠠᠭ
ᠨᠡᠭᠦᠳᠡᠯ ᠤᠨ ᠰᠢᠪᠠᠭᠤᠳ ᠤᠨ ᠭᠠᠩᠭ᠋ᠠᠨᠠᠭ᠎ᠠ ᠮᠤᠩᠭ᠋ᠤᠯ ᠠᠶᠠᠯᠭᠤ ᠳᠠᠢ
ᠨᠠᠩᠵᠢᠳ ᠰᠥᠩᠨᠡᠳᠡᠭ᠌
ᠰᠠᠷᠬᠤᠤᠨ ᠤᠨ ᠬᠤᠠᠳᠠᠭ᠎ᠠ ᠶᠢᠨ ᠬᠠᠩᠭᠢᠨᠠᠭ᠎ᠠ ᠮᠤᠩᠭ᠋ᠤᠯ ᠵᠦᠩᠨᠠᠯ ᠲᠡᠶ᠃
ᠰᠢᠭᠦᠳᠡᠷᠢ ᠮᠡᠯᠳᠡᠭᠡᠨᠡᠳᠡᠭ᠌
ᠡᠪᠠᠰᠤᠨ ᠤ ᠨᠤᠮᠢᠨ ᠰᠤᠷ ᠮᠤᠩᠭ᠋ᠤᠯ ᠥᠩᠭᠡ ᠳᠠᠢ
ᠰᠥ᠋ ᠥᠨᠦᠷᠳᠡᠳᠡᠭ᠌
ᠰᠠᠯᠭᠢᠨ ᠤ ᠮᠦᠩᠭᠦᠨ ᠰᠠᠪᠰᠢᠶᠠ ᠮᠤᠩᠭ᠋ᠤᠯ ᠰᠢᠪᠠᠨᠠᠯ ᠲᠡᠶ᠃
ᠳᠡᠯᠡᠭᠡᠢ ᠵᠢᠷᠭᠠᠭᠠᠳᠠᠭ
ᠮᠤᠷᠢᠳ ᠤᠨ ᠳᠤᠷᠭᠠᠨ ᠬᠠᠳᠠᠷᠢᠭ᠎ᠠ ᠮᠤᠩᠭ᠋ᠤᠯ ᠳᠤᠤᠯᠢᠶᠠᠨ ᠳᠠᠢ
ᠳᠡᠭ᠍ᠷᠢ ᠴᠢᠮᠡᠳᠡᠭ᠌
ᠣᠳᠤᠳ ᠤᠨ ᠲᠦᠮᠡᠨ ᠠᠨᠢᠪᠴᠠᠭᠠ ᠮᠤᠩᠭ᠋ᠤᠯ ᠮᠦᠰᠢᠶᠠᠯ ᠲᠡᠶ᠃
ᠠᠭᠤᠯᠠᠰ ᠰᠡᠡᠵᠢᠯᠡᠳᠡᠭ᠌
ᠪᠣᠰᠤᠭ᠎ᠠ ᠪᠦᠭᠡ ᠶᠢᠨ ᠮᠠᠭᠰᠢᠭᠠ ᠮᠤᠩᠭ᠋ᠤᠯ ᠰᠦᠷ ᠳᠠᠢ
ᠣᠬᠠᠭᠠᠨ ᠨᠡᠮᠡᠳᠡᠭ᠌
ᠡᠭᠡ ᠭᠡᠯᠡᠨ ᠤ ᠭᠡᠰᠢᠭ᠌ ᠮᠤᠩᠭ᠋ᠤᠯ ᠰᠢᠮ᠎ᠠ ᠲᠡᠶ᠃
ᠴᠢᠯᠡᠭᠡ ᠳᠠᠢ᠌ᠯᠳᠠᠭ
ᠡᠭᠡᠭᠦᠨ ᠰᠢᠷᠭᠠᠯ ᠴᠠᠢ ᠮᠤᠩᠭ᠋ᠤᠯ ᠠᠮᠳᠠ ᠳᠠᠢ
ᠴᠡᠩᠭᠡᠯ ᠴᠢᠪᠬᠠᠳᠠᠳᠠᠭ
ᠶᠠᠳᠤᠭ᠎ᠠ ᠶᠢᠨ ᠵᠢᠷᠭᠤᠭᠠᠨ ᠣᠳᠠᠰᠤ ᠮᠤᠩᠭ᠋ᠤᠯ ᠡᠭᠡᠰᠢᠭ᠌ ᠲᠡᠶ᠃
ᠵᠤᠷᠢᠭ ᠭᠦᠪᠴᠢᠯᠡᠳᠡᠭ᠌
ᠴᠢᠩᠭᠢᠰ ᠤᠨ ᠪᠠᠭᠠᠳᠤᠷ ᠤᠨ ᠣᠤᠬᠠᠢ ᠮᠤᠩᠭ᠋ᠤᠯ ᠡᠷᠴᠢᠮ ᠳᠠᠢ
ᠵᠢᠷᠭᠠᠯ ᠬᠤᠷᠣᠢ᠌ᠯᠠᠳᠠᠭ
ᠥᠡᠳᠦᠷᠯᠢᠭ᠌ ᠤᠨ ᠳᠡᠨᠢᠭᠦᠨ ᠨᠤᠳᠤᠭ ᠮᠤᠩᠭ᠋ᠤᠯ ᠪᠠᠭᠤᠴᠠ ᠲᠡᠶ᠃
ᠭᠢᠯᠢ ᠰᠠᠭᠢᠳᠠᠭ
ᠡᠷ᠎ᠡ ᠴᠡᠷᠢᠭ᠌ ᠤᠨ ᠰᠠᠯᠠᠮ᠎ᠠ ᠮᠤᠩᠭ᠋ᠤᠯ ᠢᠷ ᠳᠠᠢ
ᠬᠠᠢ᠌ᠷ᠎ᠠ ᠰᠢᠪᠠᠨᠡᠳᠡᠭ᠌
ᠢᠨᠠᠭ ᠬᠤᠩᠭ᠋ᠤᠷ ᠤᠨ ᠰᠡᠳᠭᠢᠯ ᠮᠤᠩᠭ᠋ᠤᠯ ᠵᠢᠯᠤᠭᠤ ᠲᠡᠶ᠃
ᠨᠠᠷᠠ ᠳᠡᠪᠠᠷᠢᠳᠡᠭ᠌
ᠳᠤᠭᠤᠯᠴᠢᠨ ᠭᠦᠤ ᠶᠢᠨ ᠵᠡᠭᠦᠳᠤ ᠮᠤᠩᠭ᠋ᠤᠯ ᠭᠦᠰᠡᠯ ᠳᠠᠢ
ᠨᠠᠢ᠌ᠷᠠᠭ ᠣᠷᠤᠯᠳᠤᠳᠠᠭ
ᠳᠡᠨᠡᠭ᠌ ᠮᠢᠨᠤ ᠪᠠᠶ᠎ᠠ ᠮᠤᠩᠭ᠋ᠤᠯ ᠴᠢᠰᠤ ᠲᠡᠶ᠃
ᠵᠤᠬᠢᠶᠠᠭᠴᠢ ᠶᠢᠨ ᠬᠠᠶᠢᠭ ᠄ ᠡᠮᠦᠨᠡᠳᠤ ᠬᠤᠰᠢᠭᠤ
ᠵᠤᠬᠢᠶᠠᠭᠴᠢ᠄ ᠳᠡᠭ᠍ᠷᠢᠡᠰᠡᠯᠭᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ