☆ ᠭᠦᠷᠵᠡᠪ
ᠭᠦᠷᠵᠡᠪ ᠤᠨ ᠬᠡᠦᠬᠡᠳ ᠤᠨ ᠰᠢᠯᠦᠭ ᠤᠳ
ᠨᠠᠷᠠ ᠪᠣᠶᠤ ᠬᠡᠦᠬᠡᠳ
ᠨᠠᠷᠠ ᠮᠠᠠᠳᠤᠨ᠎ᠠ
ᠨᠠᠮ᠎ᠠ ᠶᠢ ᠳᠡᠪᠠᠷᠢᠭᠡᠳ ᠮᠠᠠᠳᠤᠨ᠎ᠠ
ᠨᠠᠯᠠᠭᠠᠷ ᠰᠢᠷᠭᠠᠯ ᠭᠡᠷᠡᠯ ᠶᠢᠡᠷ ᠵᠢᠠᠨ
ᠨᠠᠷᠠᠳᠤ ᠪᠠᠨ ᠳᠡᠪᠠᠷᠢᠭᠡᠳ ᠮᠠᠠᠳᠤᠨ᠎ᠠ
ᠨᠠᠪᠴᠢ ᠢᠨᠢᠶᠠᠨ᠎ᠠ
ᠨᠠᠷᠠᠨ ᠭᠦᠩᠵᠤ ᠳᠤ ᠢᠨᠢᠶᠠᠨ᠎ᠠ
ᠨᠠᠭᠠᠳᠤᠭᠢ ᠶᠠᠷᠳᠢᠠᠴᠤ ᠶᠢ ᠭᠡᠷᠡᠯᠳᠦᠭᠦᠯᠳᠡᠭ᠌
ᠨᠠᠷᠠ ᠰᠠᠢ᠌ᠬᠠᠨ ᠭᠡᠳ ᠢᠨᠢᠶᠠᠨ᠎ᠠ
ᠨᠠᠷᠠ ᠮᠦᠰᠢᠶᠠᠨ᠎ᠠ
ᠨᠠᠳᠠ ᠳᠤ ᠴᠢᠮ᠎ᠠ ᠳᠤ ᠮᠦᠰᠢᠶᠠᠨ᠎ᠠ
ᠨᠠᠪᠴᠢ ᠬᠡᠦᠬᠡᠳ ᠪᠦᠷ ᠠᠳᠠᠯᠢᠬᠠᠨ
ᠨᠢᠯᠬ᠎ᠠ ᠭᠦᠭᠡᠷᠦᠭᠦᠨ ᠠᠮᠢ ᠭᠡᠳ ᠮᠦᠰᠢᠶᠠᠨ᠎ᠠ︕
ᠨᠠᠮᠤᠷ ᠣᠨᠠᠯ᠎ᠠ
ᠨᠠᠮᠤᠷ ᠣᠨᠠᠯ᠎ᠠ᠂
ᠨᠠᠷᠠ ᠲᠡᠶ ᠪᠠᠨ ᠴᠤᠭ
ᠨᠠᠪᠴᠢ ᠲᠡᠶ ᠪᠠᠨ ᠴᠤᠭ
ᠱᠠᠭᠢᠨ ᠣᠨᠠᠯ᠎ᠠ
ᠨᠠᠭᠠᠳᠤᠨ ᠠᠯᠢᠶᠠᠷᠠᠭᠵᠤ ᠪᠠᠢ᠌ᠭᠰᠠᠨ
ᠮᠢᠨᠤ ᠳᠡᠭᠦᠤ ᠵᠢᠨ
ᠨᠢᠷᠤᠭᠤᠨ ᠳᠡᠭᠡᠷ᠎ᠡ᠂
ᠨᠢᠰᠤᠨ ᠳᠠᠪᠳᠠᠷᠠᠵᠤ ᠪᠠᠢ᠌ᠭᠰᠠᠨ
ᠰᠢᠪᠠᠭᠤᠨ ᠰᠥᠷᠦᠭ᠌ ᠤᠨ
ᠳᠠᠯᠠᠪᠴᠢᠨ ᠳᠡᠭᠡᠷ᠎ᠡ
ᠨᠠᠷᠠ ᠲᠡᠶ ᠪᠠᠨ ᠴᠤᠭ
ᠨᠠᠪᠴᠢ ᠲᠡᠶ ᠪᠠᠨ ᠴᠤᠭ
ᠱᠠᠭᠢᠨ ᠣᠨᠠᠯ᠎ᠠ᠃
ᠨᠠᠮᠤᠷ ᠣᠨᠠᠯ᠎ᠠ᠂
ᠨᠠᠷᠠ ᠲᠡᠶ ᠪᠠᠨ ᠴᠤᠭ
ᠨᠠᠪᠴᠢ ᠲᠡᠶ ᠪᠠᠨ ᠴᠤᠭ
ᠱᠠᠭᠢᠨ ᠣᠨᠠᠯ᠎ᠠ
ᠨᠠᠷᠠᠰᠤᠨ ᠴᠡᠩᠭᠡᠷ ᠠᠭᠤᠯᠠᠰ ᠤᠨ
ᠣᠷᠤᠢ ᠳᠡᠭᠡᠷ᠎ᠡ
ᠨᠠᠭᠠᠰᠢᠯᠠᠵᠤ ᠪᠠᠢ᠌ᠭ᠎ᠠ ᠡᠭᠦᠯᠡᠰ ᠤᠨ
ᠬᠤᠷᠮᠤᠢ ᠳᠡᠭᠡᠷ᠎ᠡ
ᠨᠠᠷᠠ ᠲᠡᠶ ᠪᠠᠨ ᠴᠤᠭ
ᠨᠠᠪᠴᠢ ᠲᠡᠶ ᠪᠠᠨ ᠴᠤᠭ
ᠱᠠᠭᠢᠨ ᠣᠨᠠᠯ᠎ᠠ᠃
ᠨᠠᠮᠤᠭ ᠤᠨ ᠮᠡᠯᠡᠭᠡᠢ
ᠨᠠᠮᠤᠭ ᠤᠨ ᠮᠡᠯᠡᠭᠡᠢ ᠯᠠᠭ ᠯᠠᠭ
ᠨᠠᠮᠤᠭ ᠰᠢᠪᠠᠷ ᠲᠠᠭᠠᠨ ᠯᠠᠭ ᠯᠠᠭ
ᠨᠠᠮ᠎ᠠ ᠶᠢ ᠬᠠᠷᠠᠭᠠᠤᠨ ᠶᠠᠭᠤ ᠭᠡᠵᠤ ᠪᠦᠯᠳᠡᠢ᠌ᠭᠡ ᠪᠣᠢ︖
ᠨᠠᠭᠠᠳᠤᠶ᠎ᠠ ᠭᠡᠵᠤ ᠪᠣᠳᠤᠵᠤ ᠪᠠᠢ᠌ᠭ᠎ᠠ ᠦᠦ︖
ᠨᠠᠮᠤᠭ ᠤᠨ ᠮᠡᠯᠡᠭᠡᠢ ᠯᠠᠭ ᠯᠠᠭ
ᠨᠠᠮᠤᠭ ᠰᠢᠪᠠᠷ ᠲᠠᠭᠠᠨ ᠯᠠᠭ ᠯᠠᠭ
ᠨᠠᠮ᠎ᠠ ᠶᠢ ᠥᠵᠡᠭᠡᠳ ᠶᠠᠭᠤ ᠭᠡᠵᠤ ᠠᠩᠭ᠋ᠠᠢ᠌ᠭᠠ ᠪᠣᠢ︖
ᠨᠠᠰᠢ ᠪᠠᠨ ᠢᠷ᠎ᠠ ᠭᠡᠵᠤ ᠭᠡᠯᠡᠵᠤ ᠪᠠᠢ᠌ᠭ᠎ᠠ ᠦᠦ︖
ᠨᠠᠮᠤᠭ ᠤᠨ ᠮᠡᠯᠡᠭᠡᠢ ᠯᠠᠭ ᠯᠠᠭ
ᠨᠠᠮᠤᠭ ᠰᠢᠪᠠᠷ ᠲᠠᠭᠠᠨ ᠯᠠᠭ ᠯᠠᠭ
ᠨᠠᠮᠤᠷ ᠤᠨ ᠰᠤᠷᠤᠯᠭ᠎ᠠ ᠡᠭᠢᠯᠡᠴᠢᠭᠡᠭ᠍ᠰᠡᠨ ᠳᠤᠯᠠ
ᠨᠠᠳᠠ ᠶᠠᠷᠤ ᠴᠢᠯᠦᠭᠡ ᠦᠭᠡᠶ᠃
ᠨᠤᠭᠤᠭᠠᠨ ᠪᠣᠭᠴᠤ ᠪᠠᠨ ᠡᠭᠦᠷᠦᠭᠡᠳ
ᠨᠤᠮ ᠶᠢᠡᠨ ᠰᠤᠷᠬᠤ ᠪᠠᠷ ᠶᠠᠪᠣᠯ᠎ᠠ ᠡ᠂ ᠪᠢ
ᠨᠠᠮᠤᠭ ᠲᠠᠭᠠᠨ ᠴᠢ ᠨᠠᠭᠠᠳᠴᠤ ᠰᠠᠭᠤ ᠳ᠋ᠠ
ᠨᠠᠰᠤᠨ ᠳᠤᠷᠰᠢᠳᠠ ᠨᠠᠭᠠᠳᠴᠤ ᠰᠠᠭᠤ ᠳ᠋ᠠ ᠡ︕
ᠣᠳᠤ
ᠣᠷᠤᠭ᠎ᠠ ᠴᠠᠭᠠᠨ
ᠣᠷᠴᠢᠯᠠᠩ ᠤᠨ
ᠣᠤᠠᠬᠠᠨ ᠵᠢᠭᠠᠬᠠᠨ
ᠳᠡᠭᠦᠤ
ᠣᠩᠭ᠋ᠤᠨ
ᠴᠡᠩᠭᠡᠷ ᠳᠡᠭ᠍ᠷᠢ ᠵᠢᠨ
ᠣᠭᠤᠰᠤᠷ ᠪᠦᠴᠡ ᠥᠭᠡᠢ
ᠡᠷᠢᠭᠡ
ᠣᠷᠤᠢ ᠣᠷᠤᠢ ᠊᠊᠊᠊᠊᠊᠊᠊᠊᠊᠊᠊᠊᠊᠊
ᠣᠷᠤᠢ ᠳᠡᠭᠡᠷ᠎ᠡ ᠮᠢᠨᠢ
ᠠᠨᠢᠪᠴᠠᠳᠠᠭ
ᠣᠠᠴᠠ ᠶᠢᠨ ᠬᠠᠴᠢᠨ
ᠭᠠᠷᠠᠭ
ᠣᠩᠭ᠋ᠤᠷᠬᠠᠢ ᠰᠢᠷ᠎ᠠ
ᠭᠦᠤ ᠮᠢᠨᠢ
ᠣᠴᠢᠶ᠎ᠠ ᠭᠡᠵᠤ ᠪᠣᠳᠤᠳᠠᠭ
ᠭᠠᠵᠠᠷ
ᠣᠯᠠᠨ ᠠᠷᠪᠢᠨ
ᠡᠷᠳᠡᠮᠳᠡᠨ ᠮᠡᠷᠭᠡᠵᠢᠯᠳᠡᠳ ᠤᠨ
ᠣᠶᠤᠨ ᠶᠢᠡᠨ ᠰᠢᠪᠬᠠᠵᠤ
ᠣᠷᠤᠯᠳᠤᠳᠠᠭ ᠰᠤᠳᠤᠯᠭᠠᠨ
ᠣᠳᠤ ᠪᠣᠯᠳᠠᠯ᠎ᠠ
ᠭᠦᠮᠤᠨ ᠲᠦᠷᠦᠯᠭᠢᠳᠠᠨ ᠊ᠤ
ᠣᠭᠤᠰᠤᠷᠯᠠᠵᠤ ᠊᠊᠊᠊᠊᠊᠊᠊᠊᠊᠊᠊᠊᠊᠊
ᠡᠷᠭᠡᠰᠢᠶᠡᠭᠡ ᠦᠭᠡᠶ ᠣᠷᠤᠨ
ᠣᠳᠤ ᠊᠊᠊᠊᠊᠊᠊᠊᠊᠊᠊᠊᠊᠊᠊
ᠴᠤᠬᠤᠮ ᠰᠤᠨᠢᠨ
ᠣᠨᠢᠰᠤᠭ᠎ᠠ ᠳᠠᠭᠠᠪᠣᠷᠢ ᠰᠢᠭ
ᠰᠤᠨᠢᠨ
ᠣᠪᠠᠳᠢᠰᠳᠤ ᠨᠢᠭᠤᠴᠠ ᠶᠢ ᠨᠢ
ᠡᠷᠳᠡᠭᠡᠨ ᠢᠯᠡᠷᠡᠭᠦᠯᠵᠤ
ᠣᠭᠤᠰᠤᠷᠯᠠᠵᠤ᠂ ᠨᠤᠭᠳᠤᠯᠵᠤ
ᠶᠠᠪᠣᠶ᠎ᠠ᠂ ᠪᠢᠳᠠ
ᠣᠷᠤᠩᠨᠠᠵᠤ᠂ ᠰᠠᠭᠤᠷᠢᠰᠢᠵᠤ᠁
ᠰᠠᠭᠤᠶ᠎ᠠ᠂ ᠪᠢᠳᠠ
ᠵᠤᠬᠢᠶᠠᠭᠴᠢ ᠶᠢᠨ 《ᠬᠡᠦᠬᠡᠳ ᠨᠠᠰᠤ ᠰᠠᠢ᠌ᠬᠠᠨ》(2004 ᠣᠨ) ᠭᠡᠭᠦ ᠰᠢᠯᠦᠭ᠌ ᠤᠨ ᠳᠡᠭᠦᠪᠦᠷᠢ ᠡᠴᠡ᠃
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2665
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ