ᠨᠡᠪᠲᠡᠷᠡᠨ ᠤᠷᠤᠬᠤ
ᠪᠣᠷᠤᠭᠠᠨ ᠰᠢᠪᠠᠷᠠᠨ᠎ᠠ

᠊᠊᠊᠊᠊᠊᠊᠊᠊᠊᠊᠊᠊᠊᠊᠊᠊᠊᠊᠊᠊᠊ ᠠᠩᠬᠠᠨ ᠤ ᠪᠣᠷᠤᠭᠠᠨ ᠳ᠋ᠤ

ᠪᠣᠷᠤᠭᠠᠨ ᠰᠢᠪᠠᠷᠠᠨ᠎ᠠ

ᠬᠠᠪᠣᠷ ᠴᠠᠭ ᠤᠨ ᠣᠷᠢᠬᠠᠨ ᠢ ᠨᠢ ᠪᠦᠪᠠᠢ᠌ᠯᠠᠵᠤ

ᠬᠠᠮᠤᠭ ᠠᠮᠢᠳᠠᠨ ᠤ ᠰᠡᠳᠭᠢᠯ ᠢ ᠰᠡᠷᠭᠦᠭᠡᠨ

ᠪᠣᠷᠤᠭᠠᠨ ᠰᠢᠪᠠᠷᠠᠨ᠎ᠠ

ᠪᠣᠷᠤᠭᠠᠨ ᠰᠢᠪᠠᠷᠠᠨ᠎ᠠ

ᠪᠣᠷᠤ ᠪᠣᠷᠤ ᠳᠤᠯᠤᠭᠠᠤᠨ ᠤᠨ ᠰᠤᠵᠠᠭ᠎ᠠ ᠪᠠᠷ

ᠪᠣᠳᠠ ᠪᠣᠷᠭᠠᠰᠤᠨ ᠤ ᠬᠠᠳᠠᠭᠰᠠᠨ ᠨᠠᠮᠠᠭ᠎ᠠ ᠶᠢ ᠢᠯᠪᠢᠨ

ᠪᠣᠯᠤᠮᠠᠷ ᠵᠥᠭᠡᠷᠭᠡᠨ ᠵᠢᠯ ᠤᠨ ᠥᠩᠭᠡ ᠠᠴᠢᠵᠤ

ᠪᠣᠷᠤᠭᠠᠨ ᠰᠢᠪᠠᠷᠠᠨ᠎ᠠ

ᠪᠣᠷᠤᠭᠠᠨ ᠰᠢᠪᠠᠷᠠᠨ᠎ᠠ

ᠠᠩᠭ᠋᠎ᠠ ᠪᠠᠭ᠎ᠠ ᠨᠠᠰᠤᠨ ᠳᠤ ᠥᠭᠦᠭᠡᠷᠳᠦᠳᠡᠭ᠌

ᠠᠭᠰᠢᠷᠠᠭ᠎ᠠ ᠳᠠᠷᠠ ᠭᠦᠳᠡᠭᠡ ᠶᠢᠨ ᠨᠠᠰᠤᠳᠠᠤᠨ ᠤᠨ

ᠠᠵᠢᠯ ᠠᠮᠢᠳᠤᠷᠠᠯ ᠤᠨ ᠳᠠᠷᠤᠭᠠᠰᠤᠨ ᠳᠤ ᠰᠠᠭᠤᠭᠰᠠᠨ

ᠠᠵᠢᠯᠴᠢ ᠪᠣᠷᠤᠭᠵᠢᠭᠤᠬᠠᠨ ᠴᠢᠷᠠᠢ ᠶᠢᠨ ᠭᠢᠨᠢ

ᠠᠳᠤᠷᠢᠶ᠎ᠠ ᠶᠢ ᠨᠢ ᠳᠠᠨᠠᠢ᠌ᠳᠠᠯ᠎ᠠ ᠱᠠᠪᠰᠢᠵᠤ

ᠪᠣᠷᠤᠭᠠᠨ ᠰᠢᠪᠠᠷᠠᠨ᠎ᠠ

《ᠪᠣᠷᠤᠭᠠᠨ ᠣᠷᠤᠭᠰᠠᠨ ᠦᠭᠡᠶ ᠣᠳᠠᠯ᠎ᠠ

ᠭᠦᠳᠡᠭᠡ ᠮᠢᠨᠢ ᠪᠠᠰᠠᠯᠠ ᠭᠠᠩᠳᠠᠴᠢᠬᠠᠯ᠎ᠠ》 ᠭᠡᠭᠦ

ᠣᠶᠠᠷᠠᠭᠤᠨ ᠳᠠᠭᠤᠨ ᠤ ᠠᠶᠠᠰ ᠢ ᠳᠡᠪᠳᠦᠭᠡᠵᠤ

ᠨᠣᠢ᠌ᠷ ᠲᠠᠭᠠᠨ ᠪᠢᠰᠢ ᠪᠣᠳᠤᠯ ᠳᠠᠭᠠᠨ ᠳᠠᠷᠤᠭᠳᠠᠭᠰᠠᠨ ᠭᠦᠮᠦᠰ ᠤᠨ

ᠨᠠᠪᠴᠢᠯᠠᠵᠤ ᠳᠡᠢ᠌ᠯᠦᠭᠡ ᠦᠭᠡᠶ ᠰᠠᠢ᠌ᠬᠠᠨ ᠵᠡᠭᠦᠳᠤ ᠶᠢ ᠨᠤᠷᠭᠠᠵᠤ

ᠪᠣᠷᠤᠭᠠᠨ ᠰᠢᠪᠠᠷᠠᠨ᠎ᠠ

ᠪᠣᠷᠤᠭᠠᠨ ᠰᠢᠪᠠᠷᠠᠨ᠎ᠠ

ᠪᠣᠯᠤᠩ ᠤᠨ ᠳᠠᠯ᠎ᠠ ᠶᠢ ᠴᠠᠢ᠌ᠷᠠᠳᠠᠯ᠎ᠠ ᠰᠢᠪᠠᠷᠠᠨ᠎ᠠ

ᠪᠣᠳᠠᠨ ᠭᠦᠡᠳᠡᠢ ᠶᠢ ᠮᠠᠨᠠᠠᠳᠤᠳᠠᠯ᠎ᠠ ᠰᠢᠪᠠᠷᠠᠨ᠎ᠠ

ᠪᠣᠷᠭᠠᠰᠤ ᠰᠢᠪᠠᠭ ᠢ ᠨᠠᠪᠴᠢᠯᠠᠳᠠᠯ᠎ᠠ ᠰᠢᠪᠠᠷᠠᠨ᠎ᠠ

ᠪᠣᠳᠤᠯ ᠰᠠᠨᠠᠭ᠎ᠠ ᠶᠢ ᠠᠭᠤᠵᠢᠷᠠᠳᠠᠯ᠎ᠠ ᠰᠢᠪᠠᠷᠠᠨ᠎ᠠ ᠡ︕


ᠬᠠᠶ‍ᠢᠭ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ