ᠨᠡᠪᠲᠡᠷᠡᠨ ᠤᠷᠤᠬᠤ
ᠰᠢᠨ᠎ᠠ ᠭᠢᠴᠢᠶᠠᠯ ᠤᠨ ᠥᠭᠡᠷᠡᠴᠢᠯᠡᠯᠳᠡ ᠶᠢᠨ ᠳᠤᠮᠳᠠᠭᠢ ᠪᠠᠭᠰᠢ ᠶᠢᠨ ᠰᠠᠳᠭᠢᠴᠠ ᠶᠢᠨ ᠡᠷᠡᠭᠦᠯ ᠮᠠᠠᠳᠤ ᠶᠢ ᠴᠢᠬᠤᠯᠠᠴᠢᠯᠠᠵᠤ ᠥᠵᠡᠭᠦ ᠭᠡᠷᠡᠭ᠍ᠳᠡᠢ

ᠵᠠᠩᠭᠢᠯᠠᠭ᠎ᠠ ᠶᠢᠨ ᠥᠭᠡ᠄ ᠪᠠᠭᠰᠢ᠂ ᠰᠠᠳᠭᠢᠴᠠ ᠶᠢᠨ ᠡᠷᠡᠭᠦᠯ ᠮᠠᠠᠳᠤ᠂ ᠳᠠᠷᠤᠭᠠᠰᠤ᠂ ᠴᠢᠬᠤᠯᠠᠴᠢᠯᠠᠬᠤ

ᠠᠭᠤᠯᠭ᠎ᠠ ᠶᠢᠨ ᠳᠤᠪᠴᠢ᠄ ᠪᠠᠭᠰᠢ ᠨᠡᠷ ᠤᠨ ᠰᠠᠳᠭᠢᠴᠠ ᠶᠢᠨ ᠡᠷᠡᠭᠦᠯ ᠮᠠᠠᠳᠤ ᠶᠢ ᠭᠦᠡᠳᠦᠳᠭᠡᠵᠤ ᠥᠵᠡᠭᠦ ᠶᠢᠨ ᠴᠢᠬᠤᠯᠠ ᠴᠢᠨᠠᠷ᠂ ᠪᠠᠭᠰᠢ ᠨᠡᠷ ᠤᠨ ᠰᠠᠳᠭᠢᠴᠠ ᠶᠢᠨ ᠡᠷᠡᠭᠦᠯ ᠮᠠᠠᠳᠤ ᠶᠢ ᠨᠥᠯᠦᠭᠡᠯᠡᠵᠤ ᠪᠠᠢ᠌ᠭ᠎ᠠ ᠡᠯᠧᠮᠧᠨ᠋ᠲ ᠡᠴᠡ ᠪᠠᠭᠰᠢ ᠶᠢᠨ ᠰᠠᠳᠭᠢᠴᠠ ᠶᠢᠨ ᠡᠷᠡᠭᠦᠯ ᠮᠠᠠᠳᠤ ᠶᠢ ᠴᠢᠬᠤᠯᠠᠴᠢᠯᠠᠨ ᠥᠵᠡᠭᠦ ᠭᠡᠷᠡᠭ᠍ᠳᠡᠢ ᠭᠡᠳᠡᠭ᠌ ᠢ ᠣᠢ᠌ᠯᠠᠭᠠᠨ᠎ᠠ᠃

ᠨᠡᠢ᠌ᠭᠡᠮ ᠭᠦᠭ᠍ᠵᠢᠵᠤ᠂ ᠠᠮᠢᠳᠤᠷᠠᠯ ᠤᠨ ᠠᠢ᠌ᠵᠢᠮ ᠴᠤᠭᠢᠯᠭ᠎ᠠ ᠳᠦᠷᠭᠡᠰᠦᠭ᠍ᠰᠡᠨ ᠡᠴᠡ ᠣᠳᠤ ᠶᠢᠨ ᠨᠡᠢ᠌ᠭᠡᠮ ᠳᠤ ᠭᠦᠮᠦᠰ ᠶᠠᠩᠵᠤ ᠪᠦᠷᠢ ᠶᠢᠨ ᠰᠠᠳᠭᠢᠴᠠ ᠶᠢᠨ ᠠᠰᠠᠭᠤᠳᠠᠯ ᠳᠤ ᠳᠤᠯᠭᠠᠷᠠᠵᠤ ᠪᠣᠢ᠃① ᠬᠤᠷᠢᠨ ᠨᠢᠭᠡᠳᠦᠭᠡᠷ ᠵᠠᠭᠤᠨ ᠢ ᠰᠠᠳᠭᠢᠴᠠ ᠵᠦᠢ᠌ ᠶᠢᠨ ᠵᠠᠭᠤᠨ ᠭᠡᠵᠤ ᠵᠠᠷᠢᠮ ᠭᠦᠮᠤᠨ ᠤ ᠭᠡᠯᠡᠭᠦ ᠨᠢ ᠠᠠᠳᠠᠭᠤ ᠦᠭᠡᠶ᠃ ᠶᠠᠭ ᠡᠢ᠌ᠮᠤ ᠡᠴᠡ ᠨᠡᠢ᠌ᠭᠡᠮ ᠡᠴᠡ ᠰᠠᠳᠭᠢᠴᠠ ᠶᠢᠨ ᠡᠷᠡᠭᠦᠯ ᠮᠠᠠᠳᠤ ᠶᠢ ᠳᠡᠭᠡᠳᠤ ᠭᠡᠮᠵᠢᠶ᠎ᠡ ᠪᠠᠷ ᠴᠢᠬᠤᠯᠠᠴᠢᠯᠠᠵᠤ ᠪᠣᠢ᠃ ᠡᠭᠦᠨ ᠳᠤ ᠰᠤᠷᠭᠠᠨ ᠭᠦᠮᠦᠵᠢᠯ ᠤᠨ ᠣᠢ᠌ᠯᠠᠰ ᠲᠤ ᠰᠠᠳᠭᠢᠴᠠ ᠶᠢᠨ ᠡᠷᠡᠭᠦᠯ ᠮᠠᠠᠳᠤ ᠶᠢᠨ ᠭᠦᠮᠦᠵᠢᠯ ᠨᠢ ᠣᠯᠠᠮ ᠡᠴᠡ ᠣᠯᠠᠮ ᠴᠢᠬᠤᠯᠠᠴᠢᠯᠠᠭᠳᠠᠵᠤ ᠪᠣᠢ᠂ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢᠨ ᠱᠠᠭᠠᠷᠳᠠᠯᠭ᠎ᠠ ᠪᠠᠷ ᠰᠤᠷᠭᠠᠭᠤᠯᠢ ᠡᠴᠡ ᠰᠤᠷᠤᠭᠴᠢᠳ ᠲᠤ ᠰᠤᠷᠭᠠᠭᠤᠯᠢ ᠶᠢᠨ ᠭᠢᠴᠢᠶᠡᠯᠯᠡᠭᠡ ᠶᠢᠨ ᠬᠤᠪᠢ ᠪᠠᠷ ᠡᠷᠡᠭᠦᠯ ᠰᠠᠳᠭᠢᠴᠠ ᠶᠢᠨ ᠭᠦᠮᠦᠵᠢᠯ ᠭᠡᠵᠤ ᠪᠣᠢ᠂ ᠪᠠᠰᠠ ᠠᠩᠭᠢ ᠶᠢᠨ ᠡᠷᠭᠢᠯᠡᠭ᠍ᠴᠢ ᠶᠢ ᠴᠦᠮ ᠬᠠᠮᠢᠶ᠎ᠠ ᠪᠦᠭᠦᠢ ᠰᠠᠳᠭᠢᠴᠠ ᠵᠦᠢ᠌ ᠶᠢᠨ ᠮᠡᠳᠡᠯᠭᠡ ᠲᠡᠶ ᠪᠠᠢ᠌ᠬᠤ ᠶᠢ ᠱᠠᠭᠠᠷᠳᠠᠵᠤ ᠡᠯ᠎ᠡ ᠵᠣᠢ᠌ᠯ ᠤᠨ ᠪᠣᠯᠪᠠᠰᠤᠷᠠᠯ ᠳᠤ ᠣᠷᠤᠯᠴᠠᠭᠤᠯᠵᠤ ᠪᠣᠢ᠃ ᠡᠭᠦᠨ ᠡᠴᠡ ᠭᠠᠳᠠᠨ᠎ᠠ ᠣᠯᠠᠩᠭᠢ ᠳᠤᠭᠠᠨ ᠤ ᠰᠤᠷᠭᠠᠭᠤᠯᠢ ᠨᠢᠭᠡᠨᠲᠡ ᠦᠪᠡᠷ ᠤᠨ ᠭᠡᠰᠡᠨ ᠰᠠᠳᠭᠢᠴᠠ ᠵᠦᠢ᠌ ᠶᠢᠨ ᠳᠤᠰᠬᠠᠢ ᠪᠠᠭᠰᠢ᠂ ᠠᠯᠪᠠᠨ ᠭᠡᠷ ᠲᠡᠶ ᠪᠣᠯᠤᠭᠰᠠᠨ ᠪᠠᠢ᠌ᠳᠠᠭ᠃ ᠰᠢᠨ᠎ᠠ ᠭᠢᠴᠢᠶᠠᠯ ᠤᠨ ᠥᠭᠡᠷᠡᠴᠢᠯᠡᠯᠳᠡ ᠭᠢᠭ᠍ᠰᠡᠨ ᠡᠴᠡ ᠨᠠᠭᠠᠰᠢ ᠰᠤᠷᠤᠭᠴᠢᠳ ᠤᠨ ᠰᠠᠳᠭᠢᠴᠠ ᠶᠢᠨ ᠡᠷᠡᠭᠦᠯ ᠮᠠᠠᠳᠤ ᠶᠢ ᠠᠩᠬᠠᠷᠬᠤ ᠨᠢ ᠨᠢᠭᠡᠨᠲᠡ ᠨᠡᠢ᠌ᠭᠡᠮ ᠳᠠᠶᠠᠭᠠᠷ ᠲᠤ ᠮᠡᠳᠡᠷᠡᠭ᠍ᠳᠡᠭ᠍ᠰᠡᠨ ᠠᠰᠠᠭᠤᠳᠠᠯ ᠪᠠᠢ᠌ᠵᠤ᠂ ᠠᠯᠢ ᠴᠤ ᠰᠤᠷᠭᠠᠭᠤᠯᠢ ᠭᠡᠳ ᠴᠦᠮ ᠰᠤᠷᠤᠭᠴᠢ ᠶᠢᠨ ᠡᠷᠡᠭᠦᠯ ᠰᠠᠳᠭᠢᠴᠠ ᠶᠢ ᠴᠢᠬᠤᠯᠠᠴᠢᠯᠠᠵᠤ ᠪᠠᠢ᠌ᠳᠠᠭ᠃ ᠭᠡᠪᠠᠴᠤ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢᠨ ᠳᠤᠮᠳᠠ ᠬᠠᠷᠢᠨ ᠪᠠᠰᠠ ᠨᠢᠭᠡᠨ ᠲᠤᠩ ᠴᠢᠬᠤᠯᠠ ᠠᠰᠠᠭᠤᠳᠠᠯ ᠣᠮᠳᠤᠭᠠᠢ᠌ᠯᠠᠭᠳᠠᠭᠰᠠᠭᠠᠷ ᠪᠠᠢ᠌ᠨ᠎ᠠ᠃ ᠡᠨᠡ ᠨᠢ ᠳᠠᠷᠤᠢ ᠰᠤᠷᠤᠭᠴᠢᠳ ᠢ ᠵᠢᠯᠤᠭᠤᠤᠠᠴᠤ ᠪᠠᠢ᠌ᠭ᠎ᠠ ᠪᠠᠭᠰᠢ ᠨᠡᠷ ᠤᠨ ᠰᠠᠳᠭᠢᠴᠠ ᠡᠷᠡᠭᠦᠯ ᠪᠠᠢ᠌ᠬᠤ ᠡᠰᠡᠭᠦ ᠶᠠᠪᠣᠳᠠᠯ ᠪᠣᠯᠤᠨ᠎ᠠ᠃

ᠳᠡᠭᠡᠪᠠᠯ ᠳᠤᠤᠷ᠎ᠠ ᠪᠢ ᠶᠠᠭᠤᠨ ᠳᠤ ᠪᠠᠭᠰᠢ ᠨᠡᠷ ᠤᠨ ᠰᠠᠳᠭᠢᠴᠠ ᠶᠢᠨ ᠡᠷᠡᠭᠦᠯ ᠮᠠᠠᠳᠤ ᠶᠢ ᠴᠢᠬᠤᠯᠠᠴᠢᠯᠠᠬᠤ ᠭᠡᠷᠡᠭ᠍ᠳᠡᠢ ᠪᠣᠢ︖ ᠭᠡᠳᠡᠭ᠌ ᠢ ᠶᠠᠷᠢᠶ᠎ᠠ᠃

ᠨᠢᠭᠡ᠂ ᠪᠠᠭᠰᠢ ᠪᠣᠯ ᠵᠢᠭᠠᠨ ᠰᠤᠷᠭᠠᠯᠳᠠ ᠶᠢᠨ ᠵᠤᠬᠢᠶᠠᠨ ᠪᠠᠢ᠌ᠭᠤᠯᠤᠭᠴᠢ᠂ ᠭᠦᠳᠦᠯᠦᠭ᠍ᠴᠢ ᠣᠴᠢᠷ ᠡᠴᠡ ᠪᠠᠭᠰᠢ ᠶᠢᠨ ᠰᠠᠳᠭᠢᠴᠠ ᠶᠢᠨ ᠡᠷᠡᠭᠦᠯ ᠮᠠᠠᠳᠤ ᠶᠢᠨ ᠪᠠᠢ᠌ᠳᠠᠯ ᠨᠢ ᠰᠤᠷᠤᠭᠴᠢ ᠶᠢᠨ ᠰᠠᠳᠭᠢᠴᠠ ᠶᠢᠨ ᠡᠷᠡᠭᠦᠯ ᠮᠠᠠᠳᠤ ᠶᠢ ᠳᠣᠢ᠌ᠯ ᠤᠨ ᠶᠡᠭᠡ ᠪᠠᠷ ᠨᠥᠯᠦᠭᠡᠯᠡᠨ᠎ᠡ᠃

ᠰᠤᠷᠤᠭᠴᠢᠳ ᠪᠠᠭᠰᠢ ᠶᠢᠨ ᠵᠢᠯᠤᠭᠤᠳᠤᠯᠭ᠎ᠠ ᠳᠤᠤᠷ᠎ᠠ ᠮᠡᠳᠡᠯᠭᠡ ᠴᠢᠳᠠᠪᠣᠷᠢ ᠣᠯᠬᠤ ᠡᠴᠡ ᠭᠠᠳᠠᠨ᠎ᠠ ᠪᠠᠰᠠ ᠪᠠᠭᠰᠢ ᠡᠴᠡ ᠦᠵᠡᠯ ᠰᠠᠨᠠᠭᠠᠨ ᠤ ᠭᠦᠮᠦᠵᠢᠯ ᠭᠦᠷᠳᠡᠳᠡᠭ᠌᠃ ② ᠶᠠᠭ ᠡᠢ᠌ᠮᠦᠷᠭᠦ ᠪᠠᠢ᠌ᠳᠠᠯ ᠳᠤᠤᠷ᠎ᠠ ᠭᠡᠷᠪᠡ ᠪᠠᠭᠰᠢ ᠶᠢᠨ ᠰᠠᠳᠭᠢᠴᠠ ᠡᠷᠡᠭᠦᠯ ᠪᠣᠰᠤ ᠪᠣᠯ ᠯᠠᠪᠳᠠᠢ ᠰᠤᠷᠤᠭᠴᠢᠳ ᠲᠤ ᠡᠷᠡᠭᠦᠯ ᠪᠣᠰᠤ ᠦᠵᠡᠯ ᠰᠠᠨᠠᠭᠠᠨ ᠤ ᠭᠦᠮᠦᠵᠢᠯ ᠣᠯᠭᠤᠨ᠎ᠠ᠃

ᠬᠤᠶᠠᠷ᠂ ᠣᠷᠴᠢᠮ ᠤᠨ ᠵᠢᠯ ᠡᠴᠡ ᠪᠠᠭᠰᠢᠨᠠᠷ ᠤᠨ ᠰᠠᠳᠭᠢᠴᠠ ᠶᠢᠨ ᠡᠷᠡᠭᠦᠯ ᠪᠣᠰᠤ ᠪᠠᠢ᠌ᠳᠠᠯ ᠢᠯᠡᠷᠭᠡᠢ ᠣᠯᠠᠰᠢᠷᠠᠵᠤ ᠪᠠᠢ᠌ᠨ᠎ᠠ᠃ ᠰᠢᠯᠳᠠᠭᠠᠨ ᠢ ᠨᠢ ᠰᠥᠪᠠᠭ᠍ᠴᠢᠯᠡᠪᠠᠯ

(ᠨᠢᠭᠡ) ᠰᠢᠨ᠎ᠠ ᠭᠢᠴᠢᠶᠠᠯ ᠤᠨ ᠥᠭᠡᠷᠡᠴᠢᠯᠡᠯᠳᠡ ᠡᠴᠡ ᠪᠠᠭᠰᠢ ᠳᠤ ᠣᠯᠭᠤᠭᠰᠠᠨ ᠡᠭᠦᠷᠭᠡ ᠭᠦᠡᠳᠤ᠂ ᠳᠠᠷᠤᠭᠠᠰᠤ ᠶᠡᠭᠡ᠃

2001 ᠣᠨ ᠳᠤ 《ᠲᠦᠷᠦ ᠶᠢᠨ ᠶᠠᠪᠣᠳᠠᠯ ᠤᠨ ᠬᠤᠷᠢᠶᠠᠨ ᠤ ᠰᠠᠭᠤᠷᠢ ᠰᠤᠷᠭᠠᠨ ᠭᠦᠮᠦᠵᠢᠯ ᠢ ᠥᠭᠡᠷᠡᠴᠢᠯᠡᠭᠦ ᠪᠠ ᠭᠦᠭ᠍ᠵᠢᠭᠦᠯᠭᠦ ᠳᠤᠬᠠᠢ ᠰᠢ᠌ᠤᠠᠪᠣᠷᠢ》 ᠨᠡᠢ᠌ᠳᠡᠯᠡᠭ᠍ᠳᠡᠭ᠍ᠰᠡᠨ③ ᠡᠴᠡ ᠨᠠᠰᠢ ᠮᠠᠨ ᠤ ᠰᠤᠷᠭᠠᠨ ᠭᠦᠮᠦᠵᠢᠯ ᠤᠨ ᠭᠢᠴᠢᠶᠠᠯ ᠤᠨ ᠪᠠᠷᠢᠮᠵᠢᠶ᠎ᠠ ᠵᠢᠭᠠᠬᠤ ᠮᠠᠲ᠋ᠸᠷᠢᠶᠠᠯ᠂ ᠭᠢᠴᠢᠶᠠᠯ ᠤᠨ ᠪᠦᠳᠦᠴᠡ᠂ ᠰᠤᠷᠤᠯᠴᠠᠬᠤ ᠠᠷᠭ᠎ᠠ ᠮᠠᠶ‍ᠢᠭ᠂ ᠪᠠᠭᠰᠢ ᠶᠢᠨ ᠳᠦᠷᠢ ᠵᠡᠷᠭᠡ ᠡᠯ᠎ᠡ ᠳᠠᠯ᠎ᠠ ᠪᠠᠷ ᠴᠦᠮ ᠬᠤᠪᠢᠷᠠᠯᠳᠠ ᠭᠠᠷᠤᠭᠰᠠᠨ ᠪᠠᠢ᠌ᠳᠠᠭ᠃ ᠡᠨᠡᠭᠦ ᠶᠠᠪᠣᠴᠠ ᠳᠤ ᠵᠢᠭᠠᠨ ᠰᠤᠷᠭᠠᠯᠳᠠ ᠶᠢᠨ ᠡᠮᠦᠨ᠎ᠡ ᠹᠷᠤᠠᠲ᠋ ᠳᠡᠭᠡᠷ᠎ᠡ ᠠᠵᠢᠯᠯᠠᠵᠤ ᠪᠠᠢ᠌ᠭ᠎ᠠ ᠪᠠᠭᠰᠢ ᠶᠢᠨ ᠳᠠᠷᠤᠯᠳᠠ ᠬᠠᠮᠤᠭ ᠶᠡᠭᠡ ᠪᠠᠢ᠌ᠳᠠᠭ᠃ ᠳᠠᠳᠠ ᠣᠤᠯ ᠤᠨ ᠵᠠᠩᠰᠢᠭᠰᠠᠨ ᠠᠷᠭ᠎ᠠ ᠮᠠᠶ‍ᠢᠭ ᠶᠢᠡᠨ ᠬᠠᠶᠠᠵᠤ ᠳᠡᠳᠡᠭᠡᠷ ᠪᠦᠭᠦᠢ ᠰᠢᠨ᠎ᠠ ᠬᠤᠪᠢᠷᠠᠯᠳᠠ ᠶᠢᠨ ᠥᠷᠢᠰᠦᠯᠳᠦᠭᠡᠨ ᠳᠤ ᠳᠤᠯᠭᠠᠷᠠᠭᠰᠠᠨ ᠪᠠᠢ᠌ᠳᠠᠭ᠃ ᠭᠦᠮᠤᠨ ᠤ ᠳᠠᠷᠤᠭᠠᠰᠤ ᠭᠡᠳᠦᠷᠭᠡᠢ ᠶᠡᠭᠡ ᠪᠣᠯᠬᠤ ᠦᠶᠡᠰ ᠠᠶᠠᠠᠳᠠᠭᠠᠨ ᠰᠠᠳᠭᠢᠴᠠ ᠶᠢᠨ ᠠᠰᠠᠭᠤᠳᠠᠯ ᠡᠭᠦᠰᠦᠨ᠎ᠡ᠃ ④ ᠣᠳᠤ ᠰᠤᠷᠭᠠᠭᠤᠯᠢ ᠶᠢᠨ ᠭᠦᠷᠢᠶᠡᠨ ᠳ᠋ᠠᠭᠢ ᠪᠠᠭᠰᠢ ᠨᠡᠷ ᠢ ᠠᠵᠢᠭᠯᠠᠵᠤ ᠦᠵᠡᠪᠠᠯ ᠴᠥᠭᠡᠨ ᠪᠣᠰᠤ ᠪᠠᠭᠰᠢ ᠨᠠᠢ᠌ᠳᠠᠮ ᠭᠢᠴᠢᠶᠡᠯᠯᠡᠭᠡ ᠡᠴᠡ ᠬᠠᠯᠠᠰᠢᠷᠠᠬᠤ᠂ ᠰᠤᠷᠤᠭᠴᠢ ᠡᠴᠡ ᠬᠠᠯᠠᠰᠢᠷᠠᠬᠤ ᠮᠠᠳᠤ ᠶᠢᠨ ᠰᠠᠳᠭᠢᠴᠠ ᠶᠢᠨ ᠠᠰᠠᠭᠤᠳᠠᠯ ᠢᠯᠠᠷᠠᠵᠤ᠂ ᠭᠦᠡᠳᠤ ᠨᠤᠴᠢᠳᠠᠢ ᠨᠢ ᠪᠠᠶ᠎ᠠ ᠪᠠᠨ ᠪᠢᠳᠡᠭᠦᠮᠵᠢᠯᠡᠵᠤ ᠪᠣᠰᠤᠳ ᠲᠡᠶ ᠶᠠᠪᠣᠯᠴᠠᠬᠤ ᠦᠭᠡᠶ᠂ ᠵᠠᠩ ᠠᠭᠠᠰᠢ ᠨᠢ ᠰᠤᠨᠢᠨ ᠵᠢᠭ᠍ᠳᠡᠢ ᠪᠣᠯᠤᠭᠰᠠᠨ ᠪᠠᠢ᠌ᠳᠠᠯ ᠪᠠᠰᠠ ᠵᠥᠩᠳᠡᠭᠡᠨ ᠬᠠᠷᠠᠭᠳᠠᠵᠤ ᠪᠣᠢ᠃

(ᠬᠤᠶᠠᠷ) ᠪᠠᠭᠰᠢ ᠨᠡᠷ ᠤᠨ ᠠᠵᠤ ᠠᠬᠤᠢ ᠶᠢᠨ ᠳᠠᠷᠤᠭᠠᠰᠤ ᠶᠡᠭᠡ᠃

ᠣᠳᠤ ᠶᠢᠨ ᠪᠠᠢ᠌ᠳᠠᠯ ᠡᠴᠡ ᠦᠵᠡᠪᠠᠯ ᠪᠠᠭᠰᠢ ᠶᠢᠨ ᠴᠠᠯᠢᠩ ᠪᠣᠰᠤᠳ ᠪᠠᠢ᠌ᠭᠤᠯᠭ᠎ᠠ ᠨᠢᠭᠡᠴᠡ ᠶᠢᠨ ᠴᠠᠯᠢᠩ ᠳᠤ ᠭᠦᠷᠭᠦ ᠦᠭᠡᠶ᠂ ᠭᠡᠳᠥᠢᠪᠠᠷ ᠦᠨᠳᠦᠰᠦᠨ ᠴᠠᠯᠢᠩ ᠤᠨ ᠬᠤᠪᠢ ᠳᠤ ᠪᠣᠰᠤᠳ ᠪᠠᠢ᠌ᠭᠤᠯᠭ᠎ᠠ ᠨᠢᠭᠡᠴᠡ ᠶᠢᠨ ᠠᠵᠢᠯᠳᠠᠨ ᠤ ᠣᠯᠬᠤ ᠴᠠᠯᠢᠩ ᠡᠴᠡ ᠰᠠᠭᠤᠭᠳᠠᠬᠤ ᠦᠭᠡᠶ ᠪᠣᠯᠪᠠᠴᠤ ᠪᠠᠭᠰᠢ ᠨᠡᠷ ᠤᠨ ᠳᠤᠮᠳᠠ ᠵᠡᠷᠭᠡ ᠳᠠᠰ ᠢ ᠢᠯᠭᠠᠷᠠᠭᠤᠯᠤᠨ ᠪᠠᠭᠰᠢ ᠨᠡᠷ ᠤᠨ ᠭᠢᠨᠠᠨ ᠰᠢᠯᠭᠠᠷᠠᠭᠤᠯᠤᠯᠳᠠ ᠳᠤ ᠱᠠᠩᠨᠠᠵᠤ ᠳᠤᠷᠭᠠᠬᠤ ᠱᠠᠭᠠᠷᠳᠠᠯᠭ᠎ᠠ ᠡᠴᠡ ᠪᠣᠯᠵᠤ ᠨᠢᠭᠡ ᠪᠦᠯᠦᠭ᠌ ᠴᠠᠯᠢᠩ ᠢ ᠪᠠᠭᠤᠯᠭᠠᠨ ᠠᠪᠴᠤ ᠪᠣᠢ᠃ ᠡᠭᠦᠨ ᠡᠴᠡ ᠭᠠᠳᠠᠨ᠎ᠠ ᠰᠤᠷᠭᠠᠭᠤᠯᠢ ᠨᠢ ᠣᠷᠤᠯᠭ᠎ᠠ ᠶᠢᠨ ᠢᠷᠠᠯᠳᠠ ᠪᠠᠷ ᠳᠤᠳᠠᠮᠠᠭ ᠣᠴᠢᠷ ᠨᠡᠢ᠌ᠭᠡᠮ ᠤᠨ ᠠᠰᠠᠷᠠᠮᠵᠢ ᠶᠢᠨ ᠮᠥᠩᠭᠦ ᠶᠢᠨ ᠳᠠᠯ᠎ᠠ ᠪᠠᠷ ᠣᠯᠬᠤ ᠨᠢ ᠲᠤᠩ ᠪᠠᠭ᠎ᠠ᠂ ᠬᠠᠷᠢᠨ ᠪᠣᠰᠤᠳ ᠪᠠᠢ᠌ᠭᠤᠯᠭ᠎ᠠ ᠨᠢᠭᠡᠴᠡ ᠶᠢᠨ ᠭᠢᠨ ᠤ ᠠᠰᠠᠷᠠᠮᠵᠢ ᠶᠢᠨ ᠮᠥᠩᠭᠦ ᠨᠢ ᠲᠤᠩ ᠠᠷᠪᠢᠨ᠂ ᠵᠠᠷᠢᠮ ᠨᠢ ᠴᠠᠯᠢᠩ ᠢ ᠳᠠᠪᠠᠬᠤ ᠣᠴᠢᠷ ᠡᠴᠡ ᠨᠡᠢ᠌ᠭᠡᠮ ᠳᠡᠭᠡᠷ᠎ᠡ ᠪᠠᠭᠰᠢ ᠶᠢᠨ ᠡᠩᠨᠡᠭᠡ ᠨᠢ ᠠᠶᠠᠠᠳᠠᠭᠠᠨ 《ᠣᠷᠤᠯᠭ᠎ᠠ ᠪᠠᠭ᠎ᠠ ᠭᠦᠮᠦᠰ》 ᠲᠤ ᠵᠢᠠᠠᠰᠠᠭᠠᠭᠳᠠᠵᠤ ᠪᠣᠢ᠃ ᠶᠠᠭ ᠡᠢ᠌ᠮᠦᠷᠭᠦ ᠳᠠᠷᠤᠯᠳᠠ ᠶᠢᠨ ᠳᠤᠤᠷ᠎ᠠ ᠪᠠᠭᠰᠢ ᠨᠡᠷ ᠲᠤ ᠠᠮᠠᠷᠬᠠᠨ ᠨᠠᠵᠠᠭᠠᠢ ᠨᠥᠯᠦᠭᠡ ᠭᠠᠷᠴᠤ ᠳᠠᠳᠠᠨ ᠤ ᠠᠵᠢᠯ ᠤᠨ ᠢᠳᠠᠪᠭᠢᠵᠢᠯ ᠢ ᠬᠠᠷᠰᠢᠯᠠᠳᠠᠭ᠃

(ᠭᠤᠷᠪᠠ) ᠨᠡᠢ᠌ᠭᠡᠮ ᠤᠨ ᠳᠠᠷᠤᠭᠠᠰᠤ

ᠪᠠᠭᠰᠢ ᠶᠢᠨ ᠠᠵᠢᠯ ᠤᠨ ᠣᠠᠴᠠᠭᠠᠢ ᠴᠢᠨᠠᠷ ᠡᠴᠡ ᠪᠣᠯᠵᠤ ᠪᠠᠭᠰᠢ ᠪᠣᠯᠤᠭᠰᠠᠤᠨ ᠨᠢ ᠨᠡᠢ᠌ᠭᠡᠮ ᠳᠡᠭᠡᠷ᠎ᠡ ᠪᠣᠰᠤᠳ ᠭᠡᠷᠡᠭ᠌ ᠣᠴᠢᠷ ᠪᠠ ᠭᠦᠮᠦᠰ ᠲᠡᠶ ᠣᠢ᠌ᠷᠠᠳᠤᠬᠤ ᠴᠠᠭ ᠦᠭᠡᠶ ᠡᠴᠡ ᠪᠣᠯᠵᠤ᠂ ᠨᠡᠢ᠌ᠭᠡᠮ ᠳᠡᠭᠡᠷᠡᠭᠢ ᠭᠦᠮᠦᠰ ᠲᠤ ᠥᠷᠭᠦᠯᠵᠢ 《ᠰᠤᠷᠭᠠᠭᠤᠯᠢ ᠶᠢᠨ ᠭᠦᠷᠢᠶᠡᠨ ᠤ ᠥᠮᠡᠭᠡᠢ ᠶ‍ᠢᠰᠦᠳᠦᠭᠡᠷ》 ᠭᠡᠭ᠍ᠳᠡᠳᠡᠭ᠌ ᠮᠥᠷᠳᠡᠭᠡᠨ ᠥᠨᠡ᠊ᠨᠳᠡᠭᠡᠨ ᠴᠤ ᠪᠣᠰᠤᠳ ᠭᠦᠮᠦᠰ ᠰᠢᠭ᠌ ᠴᠢᠯᠦᠭᠡᠳᠡᠢ ᠪᠠᠷ ᠰᠤᠷᠭᠠᠭᠤᠯᠢ ᠶᠢᠨ ᠭᠠᠳᠠᠨᠠᠭᠢ ᠠᠮᠢᠳᠤᠷᠠᠯ ᠲᠡᠶ ᠣᠢ᠌ᠷᠠᠳᠤᠬᠤ ᠵᠠᠪᠰᠢᠶᠠᠨ ᠲᠤᠩ ᠬᠤᠮᠰᠠ ᠪᠣᠯᠵᠤ ᠠᠭᠠᠵᠢᠮ ᠳᠠᠭᠠᠨ ᠠᠮᠢᠳᠤᠷᠠᠯ ᠤᠨ ᠮᠡᠳᠡᠯᠭᠡ ᠳᠤᠷᠰᠢᠯᠭ᠎ᠠ ᠪᠠᠷ ᠳᠤᠳᠠᠮᠠᠭ ᠪᠣᠯᠵᠤ ᠨᠡᠢ᠌ᠭᠡᠮ ᠳᠡᠭᠡᠷᠡᠭᠢ ᠪᠣᠰᠤᠳ ᠠᠵᠢᠯ ᠲᠦᠷᠦᠯᠳᠠᠨ ᠳᠤ ᠳᠤᠷᠤᠮᠵᠢᠯᠠᠭᠳᠠᠬᠤ ᠭᠡᠮᠵᠢᠶᠡᠨ ᠳᠤ ᠭᠦᠷᠳᠡᠭ᠌᠃ ᠡᠨᠡ ᠨᠢ ᠪᠠᠭᠰᠢ ᠶᠢᠨ ᠡᠷᠡᠭᠦᠯ ᠰᠠᠳᠭᠢᠴᠠ ᠶᠢ ᠶᠡᠭᠡ ᠭᠡᠮᠵᠢᠶ᠎ᠡ ᠪᠠᠷ ᠭᠦᠡᠳᠡᠭᠦ ᠨᠢ ᠯᠠᠪᠳᠠᠢ᠃

(ᠳᠦᠷᠪᠡ) ᠳᠡᠭᠡᠳᠤ ᠱᠠᠳᠤ᠂ ᠣᠳᠤᠷᠢᠳᠤᠯᠭ᠎ᠠ ᠵᠢᠴᠢ ᠭᠢᠨᠠᠨ ᠰᠢᠯᠭᠠᠷᠠᠭᠤᠯᠤᠯᠳᠠ ᠡᠴᠡ ᠣᠯᠭᠤᠭᠰᠠᠨ ᠳᠠᠷᠤᠭᠠᠰᠤ

ᠶᠠᠷᠤ ᠳᠡᠭᠡᠨ ᠪᠠᠭᠰᠢ ᠶᠢᠨ ᠠᠵᠢᠯ ᠨᠢ ᠨᠢᠭᠡᠨ ᠲᠤᠩ ᠨᠠᠷᠢᠯᠢᠭ ᠠᠵᠢᠯ ᠪᠠᠢ᠌ᠵᠤ᠂ ᠪᠦᠭᠦ ᠠᠵᠢᠯ ᠲᠦᠷᠦᠯ ᠤᠨ ᠳᠤᠮᠳᠠ᠂ ᠬᠠᠮᠤᠭ ᠡᠴᠡ ᠶᠠᠪᠣᠴᠠ ᠶᠢ ᠠᠩᠬᠠᠷᠳᠠᠭ ᠠᠵᠢᠯ ᠣᠴᠢᠷ ᠡᠴᠡ ᠳᠡᠭᠡᠳᠤ ᠱᠠᠳᠤ᠂ ᠣᠳᠤᠷᠢᠳᠤᠯᠭ᠎ᠠ ᠵᠢᠴᠢ ᠭᠢᠨᠠᠨ ᠰᠢᠯᠭᠠᠷᠠᠭᠤᠯᠤᠯᠳᠠ ᠶᠢᠨ ᠳᠤᠮᠳᠠ ᠬᠠᠷᠢᠭᠤᠴᠠᠯᠭ᠎ᠠ ᠨᠡᠭᠡᠮᠵᠢᠯᠡᠭᠦ ᠨᠢ ᠪᠣᠰᠤᠳ ᠶᠠᠮᠠᠷ ᠴᠤ ᠠᠵᠢᠯ ᠲᠦᠷᠦᠯ ᠡᠴᠡ ᠢᠯᠡᠷᠭᠡᠢ ᠪᠠᠢ᠌ᠳᠠᠭ᠃

ᠡᠢ᠌ᠮᠤ ᠪᠠᠷ ᠶᠢᠡᠨ ᠪᠠᠭᠰᠢ ᠶᠢᠨ ᠠᠵᠢᠯ ᠨᠢ ᠪᠠᠭᠰᠢ ᠭᠦᠮᠤᠨ ᠳᠤ ᠢᠷᠠᠭᠤ ᠠᠯᠳᠠᠷ ᠢ ᠣᠯᠭᠤᠵᠤ ᠪᠠᠢ᠌ᠬᠤ ᠶᠢᠨ ᠵᠡᠷᠭᠡᠪᠠᠷ ᠪᠠᠰᠠ ᠲᠤᠩ ᠭᠦᠡᠳᠤ ᠡᠭᠦᠷᠭᠡ ᠬᠠᠷᠢᠭᠤᠴᠠᠯᠭ᠎ᠠ ᠶᠢ ᠣᠯᠭᠤᠵᠤ ᠪᠠᠢ᠌ᠳᠠᠭ᠃ ᠶᠠᠮᠠᠷ ᠨᠢᠭᠡᠨ ᠪᠠᠭᠰᠢ ᠡᠴᠡ ᠦᠪᠡᠷ ᠤᠨ ᠶᠢᠡᠨ ᠦᠵᠡᠯᠳᠠ ᠪᠠᠷ ᠠᠵᠢᠯ ᠭᠢᠭᠦ ᠶᠢ ᠴᠡᠭᠡᠷᠯᠡᠵᠤ ᠳᠠᠰ ᠳᠠᠰ ᠤᠨ ᠣᠳᠤᠷᠢᠳᠤᠯᠭ᠎ᠠ ᠱᠠᠭᠠᠷᠳᠠᠯᠭ᠎ᠠ ᠶᠢ ᠳᠠᠭᠠᠵᠤ ᠪᠠᠶᠡᠯᠡᠭᠦᠯᠭᠦ ᠭᠡᠷᠡᠭ᠍ᠳᠡᠢ ᠪᠠᠢ᠌ᠳᠠᠭ᠃ ᠡᠨᠡ ᠨᠢ ᠪᠠᠭᠰᠢ ᠶᠢᠨ ᠠᠵᠢᠯ ᠢ ᠣᠶᠤᠨ ᠰᠠᠨᠠᠭᠠᠨ ᠤ ᠳᠠᠯ᠎ᠠ ᠪᠠᠷ ᠲᠤᠩ ᠶᠠᠳᠠᠷᠠᠭ᠎ᠠ ᠲᠡᠶ ᠰᠠᠨᠠᠭᠳᠠᠭᠤᠯᠵᠤ ᠰᠠᠳᠭᠢᠴᠠ ᠶᠢᠨ ᠡᠷᠡᠭᠦᠯ ᠪᠠᠢ᠌ᠬᠤ ᠶᠢ ᠨᠥᠯᠦᠭᠡᠯᠡᠳᠡᠭ᠌᠃

(ᠲ᠋ᠠᠪᠣ) ᠰᠤᠷᠤᠭᠴᠢᠳ ᠡᠴᠡ ᠢᠷᠡᠭ᠍ᠰᠡᠨ ᠳᠠᠷᠤᠯᠳᠠ

ᠣᠳᠤ ᠦᠶ᠎ᠡ ᠶᠢᠨ ᠰᠤᠷᠤᠭᠴᠢᠳ ᠴᠦᠮ ᠠᠪᠣ ᠡᠵᠢ ᠶᠢᠨ ᠭᠠᠭᠴᠠ ᠦᠷ᠎ᠡ ᠪᠠᠢ᠌ᠵᠤ ᠡᠷᠭᠡ ᠪᠦᠦᠪᠠᠢ ᠪᠠᠢ᠌ᠳᠠᠭ᠃ ⑤ ᠡᠢ᠌ᠮᠤ ᠪᠠᠷ ᠶᠢᠡᠨ ᠳᠠᠳᠠ ᠰᠤᠷᠭᠠᠭᠤᠯᠢ ᠳᠡᠭᠡᠷ᠎ᠡ ᠴᠤ ᠳᠤᠷ᠎ᠠ ᠪᠠᠷ ᠶᠢᠡᠨ ᠠᠭᠠᠰᠢᠯᠠᠵᠤ ᠥᠷᠭᠦᠯᠵᠢ ᠪᠠᠭᠰᠢ ᠶᠢ ᠨᠢᠳᠤᠨ ᠳᠡᠭᠡᠨ ᠬᠠᠪᠴᠢᠬᠤ ᠦᠭᠡᠶ ᠥᠵᠡᠭ᠍ᠳᠡᠯ ᠭᠠᠷᠳᠠᠭ᠃ ᠳᠠᠳᠠᠨ ᠤ ᠪᠠᠶ᠎ᠠ ᠳᠡᠭᠡᠷ᠎ᠡ ᠵᠠᠯᠬᠠᠭᠤ᠂ ᠵᠥᠷᠢᠭᠦᠤᠨ᠂ ᠣᠮᠤᠷᠬᠠᠭ ᠵᠡᠷᠭᠡ ᠴᠠᠭ ᠦᠶᠡᠴᠢ ᠴᠢᠨᠠᠷ ᠲᠡᠶ ᠠᠰᠠᠭᠤᠳᠠᠯ ᠨᠠᠢ᠌ᠳᠠᠮ ᠣᠷᠤᠰᠢᠵᠤ᠂ ᠡᠨᠡ ᠨᠢ ᠪᠠᠭᠰᠢ ᠶᠢᠨ ᠵᠢᠭᠠᠨ ᠰᠤᠷᠭᠠᠯᠳᠠ ᠳᠤ ᠲᠤᠩ ᠠᠰᠢᠭ ᠦᠭᠡᠶ ᠪᠠᠢ᠌ᠳᠠᠭ᠃ ᠨᠠᠩ ᠴᠤ ᠵᠠᠷᠢᠮ ᠰᠤᠷᠤᠭᠴᠢ 《ᠠᠯᠪᠠᠨ ᠵᠢᠷᠤᠮ ᠤᠨ ᠰᠤᠷᠭᠠᠨ ᠭᠦᠮᠦᠵᠢᠯ ᠤᠨ ᠬᠠᠤᠯᠢ》 ᠪᠠ 《ᠰᠢᠨ᠎ᠠ ᠭᠢᠴᠢᠶᠡᠯᠯᠡᠭᠡ ᠶᠢᠨ ᠥᠭᠡᠷᠡᠴᠢᠯᠡᠯᠳᠡ》 ᠪᠠᠷ ᠬᠠᠯᠬᠠᠪᠴᠢ ᠪᠣᠯᠭᠠᠵᠤ ᠪᠠᠭᠰᠢ ᠶᠢ ᠳᠤᠷᠤᠮᠵᠢᠯᠠᠵᠤ᠂ ᠪᠢ ᠣᠴᠢᠷ ᠦᠢᠯᠡᠳᠬᠦ ᠪᠠᠷ ᠪᠣᠳᠤᠬᠤ ᠳᠤ ᠴᠤ ᠨᠠᠮᠢ᠋ᠢ ᠭᠦᠭᠡᠭᠡᠵᠤ ᠴᠢᠳᠠᠬᠤ ᠦᠭᠡᠶ᠂ ⑥ ᠴᠢ ᠪᠠᠰᠠ ᠰᠤᠷᠤᠭᠴᠢ ᠳᠤ ᠬᠠᠯᠠ ᠥᠵᠡᠭᠦᠯᠵᠤ ᠰᠢᠦᠡᠭᠡᠵᠤ ᠪᠣᠯᠬᠤ ᠥᠭᠡᠢ⑦ ᠣᠴᠢᠷ ᠪᠢ ᠴᠢᠮ᠎ᠠ ᠶᠢ ᠨᠢᠳᠤᠨ ᠳᠡᠭᠡᠨ ᠬᠠᠪᠴᠢᠬᠤ ᠴᠤ ᠭᠡᠷᠡᠭ᠌ ᠠᠯᠠᠭ᠎ᠠ ᠭᠡᠵᠤ ᠥᠵᠡᠳᠡᠭ᠌ ᠪᠣᠯᠵᠠᠢ᠃ ᠡᠨᠡ ᠨᠢ ᠭᠦᠮᠤᠨ ᠪᠦᠭᠦᠨ ᠤ ᠦᠪᠡᠷ ᠢ ᠪᠠᠨ ᠭᠦᠡᠳᠦᠳᠭᠡᠭᠦ ᠰᠡᠳᠬᠢᠯᠭᠡ ᠶᠡᠭᠡᠪᠠᠷ ᠭᠦᠡᠳᠦᠳᠭᠡᠭ᠍ᠳᠡᠵᠤ ᠪᠠᠢ᠌ᠭ᠎ᠠ ᠣᠳᠤ ᠴᠠᠭ ᠲᠤ ᠪᠠᠭᠰᠢ ᠭᠦᠮᠤᠨ ᠤ ᠦᠪᠡᠷ ᠢ ᠪᠠᠨ ᠭᠦᠡᠳᠦᠳᠭᠡᠭᠦ ᠰᠡᠳᠬᠢᠯᠭᠡ ᠶᠢ ᠲᠤᠩ ᠶᠡᠭᠡᠪᠠᠷ ᠭᠦᠡᠳᠡᠵᠤ᠂ ᠳᠠᠳᠠᠨ ᠤ ᠡᠷᠡᠭᠦᠯ ᠰᠠᠳᠭᠢᠴᠠ ᠳᠤ ᠰᠢᠷᠬ᠎ᠠ ᠥᠯᠡᠳᠡᠭᠡᠵᠤ ᠪᠣᠢ᠃

ᠶᠠᠭ ᠳᠡᠭᠡᠷ᠎ᠡ ᠵᠠᠳᠠᠯᠤᠭᠰᠠᠨ ᠮᠠᠳᠤ ᠪᠠᠷ ᠪᠠᠭᠰᠢ ᠭᠦᠮᠤᠨ ᠤ ᠳᠠᠷᠤᠭᠠᠰᠤ ᠣᠯᠠᠨ ᠳᠠᠯ᠎ᠠ ᠶᠢᠨ ᠪᠠᠢ᠌ᠭ᠎ᠠ ᠣᠴᠢᠷ ᠪᠠᠭᠰᠢ ᠶᠢᠨ ᠰᠠᠳᠭᠢᠴᠠ ᠶᠢᠨ ᠡᠷᠡᠭᠦᠯ ᠮᠠᠠᠳᠤ ᠶᠢ ᠴᠢᠬᠤᠯᠠᠴᠢᠯᠠᠬᠤ ᠨᠢ ᠴᠠᠭ ᠦᠶ᠎ᠡ ᠪᠠ ᠮᠠᠨ ᠤ ᠰᠤᠷᠭᠠᠨ ᠭᠦᠮᠦᠵᠢᠯ ᠤᠨ ᠳᠡᠷᠢᠭᠦᠨ ᠴᠢᠬᠤᠯᠠ ᠠᠰᠠᠭᠤᠳᠠᠯ ᠪᠠᠢ᠌ᠬᠤ ᠳᠠᠭᠠᠨ ᠳᠠᠭᠠᠷᠠᠨ᠎ᠠ︕


ᠵᠡᠭᠦᠯᠳᠡ᠄

①自我心理保健—济南大学出版社—P2页

② ᠦᠵᠡᠯ ᠰᠠᠨᠠᠭ᠎ᠠ ᠵᠠᠩ ᠮᠤᠷᠠᠯ (ᠨᠢ᠋ᠮᠠᠳᠤᠭᠠᠷ ᠣᠨ ᠤ ᠳᠡᠭᠡᠳᠤ ᠳᠠᠪᠳᠠᠷ)— ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ—P71 ᠳ᠋ᠤᠭᠠᠷ ᠨᠢᠭᠤᠷ

③ ᠰᠢᠨ᠎ᠠ ᠭᠢᠴᠢᠶᠠᠯ ᠤᠨ ᠪᠠᠭᠰᠢ ᠨᠡᠷ ᠢ ᠪᠣᠯᠪᠠᠰᠤᠷᠠᠭᠤᠯᠬᠤ ᠳᠤᠪᠴᠢ— ᠦᠪᠣᠷ ᠮᠤᠩᠭ᠋ᠤᠯ ᠤᠨ ᠪᠠᠭᠠᠴᠤᠳ ᠬᠡᠦᠬᠡᠳ ᠤᠨ ᠭᠡᠪᠯᠡᠯ ᠤᠨ ᠬᠤᠷᠢᠶ᠎ᠠ—P1 ᠳ᠋ᠤᠭᠠᠷ ᠨᠢᠭᠤᠷ

④自我心理保健—济南大学出版社—P67页

⑤问题学渗晏育指南—首都师范大学—P20页

⑥ 《ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠠᠯᠪᠠᠨ ᠵᠢᠷᠤᠮ ᠤᠨ ᠰᠤᠷᠭᠠᠨ ᠭᠦᠮᠦᠵᠢᠯ ᠤᠨ ᠬᠠᠤᠯᠢ》 ᠶᠢᠨ 27 ᠳ᠋ᠤᠭᠠᠷ ᠵᠤᠷᠪᠣᠰ

⑦ 《ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠪᠠᠭᠰᠢ ᠶᠢᠨ ᠬᠠᠤᠯᠢ》 ᠶᠢᠨ 37 ᠳ᠋ᠤᠭᠠᠷ ᠵᠤᠷᠪᠣᠰ


ᠬᠠᠶ‍ᠢᠭ᠄ ᠣᠳᠤᠭ ᠬᠤᠰᠢᠭᠤᠨ ᠤ ᠦᠨᠳᠦᠰᠦᠳᠠᠨ ᠤ ᠠᠵᠢᠯ ᠮᠡᠷᠭᠡᠵᠢᠯ ᠤᠨ ᠶᠡᠷᠦᠩᠭᠡᠢ᠌ᠯᠡᠭ᠍ᠰᠡᠨ ᠳᠤᠮᠳᠠᠳᠤ ᠰᠤᠷᠭᠠᠭᠤᠯᠢ ᠶᠢᠨ ᠪᠠᠭᠰᠢ ᠭᠦᠭᠡᠳᠦᠶᠠᠭ᠎ᠠ

ᠵᠤᠬᠢᠶᠠᠭᠴᠢ᠄ ᠭᠦᠭᠡᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 5781
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ