ᠨᠡᠪᠲᠡᠷᠡᠨ ᠤᠷᠤᠬᠤ
ᠳᠠᠤᠯᠠᠢ ᠠᠪᠠᠯᠠᠬᠤ ᠳᠤᠬᠠᠢ ᠣᠴᠢᠷᠯᠠᠬᠤᠢ

ᠳᠠᠤᠯᠠᠢ ᠪᠣᠯ ᠬᠤᠷᠴᠠ ᠰᠡᠷᠭᠡᠭ᠌᠂ ᠪᠣᠰᠢᠭᠤ ᠱᠠᠯᠠᠮᠠᠭ᠂ ᠠᠵᠢᠭᠴᠢ ᠭᠢᠷᠠᠬᠠᠢ᠂ ᠳᠡᠭ᠍ᠳᠡᠵᠤ ᠬᠠᠷᠠᠢ᠌ᠬᠤ ᠨᠢ ᠬᠤᠯᠠ᠂ ᠦᠰᠦᠷᠴᠤ ᠭᠦᠶ‍ᠦᠭᠦ ᠨᠢ ᠳᠦᠷᠭᠡᠨ ᠠᠮᠢᠳᠠᠨ ᠪᠣᠯᠬᠤ ᠶᠤᠮ᠃ ᠳᠠᠤᠯᠠᠢ ᠭᠡᠭᠡᠷ᠎ᠡ ᠳᠠᠯ᠎ᠠ᠂ ᠭᠤᠪᠢ ᠴᠠᠢ᠌ᠳᠠᠮ᠂ ᠳᠠᠷᠠᠰᠤ ᠰᠢᠪᠠᠭ᠂ ᠪᠣᠳᠠ ᠪᠣᠷᠤᠯᠵᠢ᠂ ᠪᠠᠯᠠᠷ ᠮᠠᠩᠬ᠎ᠠ᠂ ᠣᠢ ᠰᠢᠭᠤᠢ ᠵᠡᠷᠭᠡ ᠭᠦᠮᠤᠨ ᠠᠮᠢᠳᠠᠨ ᠴᠥᠭᠡᠨ᠂ ᠳᠠᠭᠤ ᠴᠢᠮᠡᠭᠡ ᠰᠡᠢ᠌ᠷᠡᠭ᠌ ᠭᠠᠵᠠᠷ ᠭᠤᠤᠯᠳᠠᠭᠤ ᠡᠭᠦᠷᠯᠡᠵᠤ ᠠᠮᠢᠳᠤᠷᠠᠳᠠᠭ᠃

ᠳᠠᠤᠯᠠᠢ (ᠭᠡᠭᠡᠷ᠎ᠡ ᠶᠢᠨ ᠳᠠᠤᠯᠠᠢ) ᠴᠢᠭᠢ ᠨᠢ ᠣᠷᠳᠤ᠂ ᠡᠮᠦᠨᠡᠰᠢ ᠳᠠᠷᠤᠪᠠᠯ ᠬᠠᠮᠠᠷ ᠲᠤ ᠨᠢ ᠳᠤᠯᠵᠤ᠂ ᠬᠣᠢ᠌ᠰᠢ ᠳᠠᠷᠤᠪᠠᠯ ᠬᠠᠭᠠᠰ ᠵᠤ᠋ ᠨᠢᠷᠤᠭᠤ ᠶᠢ ᠨᠢ ᠪᠦᠷᠭᠦᠳᠡᠭ᠌᠃ ᠣᠷᠤᠭᠤᠯ ᠨᠢ ᠰᠡᠳᠡᠷᠭᠡᠢ᠂ ᠠᠮᠠᠷ ᠳᠠᠮᠠᠷ ᠭᠡᠳᠤᠨ ᠰᠠᠬᠠᠯ ᠲᠡᠶ᠂ ᠰᠡᠭᠦᠯ ᠨᠢ ᠪᠣᠭᠤᠨᠢ᠂ ᠬᠨ ᠨᠢ ᠣᠬᠤᠷ᠂ ᠭᠤᠶ᠎ᠠ ᠨᠢ ᠣᠷᠳᠤ᠃ ᠭᠦᠶ‍ᠦᠭᠦ ᠳᠤ ᠴᠢᠭᠢ ᠨᠢ ᠳᠠᠯᠳᠠᠢ᠌ᠵᠤ ᠰᠡᠭᠦᠯ ᠨᠢ ᠣᠳᠤᠩ ᠣᠳᠤᠩ ᠭᠡᠵᠤ᠂ ᠨᠢᠭᠡ ᠦᠰᠦᠷᠪᠠᠯ ᠠᠷᠪᠠᠨ ᠭᠡᠳᠤᠨ ᠮᠸᠲ᠋ᠷ (ᠪᠠᠷᠤᠭ ᠠᠷᠪᠠᠨ ᠬᠤᠶᠠᠷ ᠭᠤᠷᠪᠠᠨ ᠮᠸᠲ᠋ᠷ) ᠦᠰᠦᠷᠴᠤ᠂ ᠪᠣᠳᠠ ᠳᠠᠷᠠᠰᠤ᠂ ᠪᠣᠷᠭᠠᠰᠤ ᠰᠢᠪᠠᠭ᠂ ᠪᠣᠷᠤᠯᠵᠢ ᠰᠢᠨᠠ ᠳᠠᠮᠵᠢᠭᠠᠤᠨ ᠠᠯᠠᠭ᠎ᠠ ᠪᠣᠯᠴᠢᠬᠠᠳᠠᠭ ᠰᠦᠷᠡᠭᠡᠢ ᠱᠠᠯᠠᠮᠠᠭ ᠠᠮᠢᠳᠠᠨ ᠶᠤᠮ᠃ ᠪᠠᠷᠤᠭ ᠤᠨ ᠭᠦᠮᠤᠨ ᠠᠮᠢᠳᠠᠨ ᠳᠡᠭᠦᠨ ᠢ ᠠᠪᠠᠯᠠᠵᠤ ᠪᠠᠷᠢᠵᠤ ᠴᠢᠳᠠᠳᠠᠭ ᠦᠭᠡᠶ᠂ ᠠᠩᠴᠢᠨ ᠭᠦᠷᠦᠭᠡᠴᠢᠨ ᠭᠦᠮᠤᠨ ᠪᠣᠶᠤ ᠠᠩᠴᠢᠨ ᠭᠦᠷᠦᠭᠡᠴᠢᠨ ᠠᠮᠢᠳᠠᠨ ᠯᠠ ᠰᠠ‍‌ᠶᠢ ᠳᠡᠭᠦᠨ ᠢ ᠠᠪᠠᠯᠠᠵᠤ ᠪᠠᠷᠢᠳᠠᠭ᠃

ᠳᠠᠤᠯᠠᠢ ᠶᠢ ᠥᠩᠭᠡ ᠵᠢᠰᠤ ᠪᠠᠷ ᠨᠢ ᠴᠠᠭᠠᠨ ᠳᠠᠤᠯᠠᠢ᠂ ᠬᠠᠷ᠎ᠠ ᠳᠠᠤᠯᠠᠢ᠂ ᠭᠦᠭᠡ ᠳᠠᠤᠯᠠᠢ᠂ ᠪᠣᠷᠤ ᠳᠠᠤᠯᠠᠢ ᠭᠡᠵᠤ ᠢᠯᠭᠠᠳᠠᠭ᠃ ᠮᠢᠨᠤ ᠡ᠊ᠨᠳᠡ ᠭᠡᠯᠡᠵᠤ ᠪᠠᠢ᠌ᠭ᠎ᠠ ᠳᠠᠤᠯᠠᠢ ᠪᠣᠯ ᠭᠦᠳᠡᠭᠡ ᠶᠢᠨ ᠪᠣᠷᠤ ᠳᠠᠤᠯᠠᠢ ᠪᠣᠯᠬᠤ ᠶᠤᠮ᠃ ᠭᠦᠳᠡᠭᠡ ᠶᠢᠨ ᠳᠠᠤᠯᠠᠢ ᠣᠯᠠᠩᠭᠢ ᠨᠢ ᠪᠣᠷᠤᠪᠳᠤᠷ ᠥᠩᠭᠡ ᠲᠡᠶ᠂ ᠵᠤ᠋ ᠨᠢᠷᠤᠭᠤ ᠪᠠᠷ ᠶᠢᠡᠨ ᠬᠠᠷ᠎ᠠ ᠪᠣᠷᠤᠪᠳᠤᠷ᠂ ᠡᠯᠢᠭᠡ ᠪᠣᠶᠤ ᠳᠦᠷᠪᠠᠨ ᠮᠦᠴᠢ ᠨᠢ ᠴᠠᠭᠠᠪᠳᠤᠷ ᠪᠣᠶᠤ ᠴᠠᠭᠠᠨ ᠰᠢᠷᠠᠭᠠᠯ ᠪᠠᠢ᠌ᠳᠠᠭ ᠶᠤᠮ᠃ ᠳᠠᠭᠠᠭᠤᠯᠡᠷ ᠭᠦᠮᠦᠰ (ᠬᠡᠦᠬᠡᠳ ᠴᠤ ᠪᠠᠭᠳᠠᠨ᠎ᠠ) 《ᠪᠣᠳᠠᠨ ᠤ ᠪᠣᠷᠤ ᠳᠠᠤᠯᠠᠢ᠂ ᠪᠣᠷᠤᠯᠵᠢᠨ ᠤ ᠬᠠᠷ᠎ᠠ ᠳᠠᠤᠯᠠᠢ᠂ ᠰᠢᠯᠢ ᠶᠢᠨ ᠰᠢᠷᠭ᠎ᠠ ᠳᠠᠤᠯᠠᠢ (ᠪᠣᠷᠤᠪᠳᠤᠷ ᠵᠤ᠋ ᠨᠢᠷᠤᠭᠤ ᠲᠡᠶ ᠰᠢᠷᠠᠭᠠᠯ ᠳᠠᠤᠯᠠᠢ)᠂ ᠠᠭᠤᠯᠠ ᠶᠢᠨ ᠣᠯᠠᠭᠠᠨ ᠳᠠᠤᠯᠠᠢ (ᠪᠣᠷᠤ ᠭᠦᠷᠡᠩᠪᠳᠦᠷ ᠵᠤ᠋ ᠲᠡᠶ ᠰᠢᠷᠠᠭᠠᠯ ᠳᠠᠤᠯᠠᠢ)᠂ ᠣᠢ ᠶᠢᠨ ᠣᠷᠤᠭ ᠳᠠᠤᠯᠠᠢ᠂ ᠳᠠᠷᠠᠰᠤᠨ ᠤ ᠳᠠᠯᠳᠠᠩ ᠳᠠᠤᠯᠠᠢ᠁》 ᠭᠡᠵᠤ ᠠᠮᠠᠨ ᠤ ᠠᠶ᠎ᠠ ᠪᠠᠷ ᠬᠤᠯᠪᠣᠵᠤ ᠭᠡᠯᠡᠳᠡᠭ᠌ ᠪᠦᠭᠡᠳ 《ᠪᠦᠭᠡᠷᠡᠩᠭᠡᠢ ᠪᠣᠷᠤ ᠳᠠᠤᠯᠠᠢ ᠪᠢ᠂ ᠪᠣᠩ ᠪᠣᠩ ᠭᠦᠶ‍ᠦᠳᠡᠯ ᠲᠡᠶ᠁》 ᠭᠡᠵᠤ ᠳᠠᠭᠤᠯᠠᠵᠤ ᠰᠢᠯᠦᠭᠯᠡᠳᠡᠭ᠌ ᠴᠤ ᠪᠠᠢ᠌ᠭ᠎ᠠ ᠶᠤᠮ ︕ ᠳᠠᠤᠯᠠᠢ ᠶᠢᠨ ᠥᠩᠭᠡ ᠨᠢ ᠣᠯᠠᠷᠢᠯ ᠢ ᠳᠠᠭᠠᠭᠠᠤᠨ ᠬᠤᠪᠢᠷᠠᠳᠠᠭ᠃ ᠨᠠᠮᠤᠷ ᠬᠠᠪᠣᠷ ᠪᠣᠯ ᠪᠣᠷᠤ ᠭᠦᠭᠡ ᠥᠩᠭᠡᠳᠡᠢ᠂ ᠡᠪᠦᠯ ᠪᠣᠯ ᠴᠠᠭᠠᠨ ᠪᠣᠭᠤᠷᠤᠯ᠂ ᠵᠤᠨ ᠳᠠᠭᠠᠨ ᠪᠣᠯ ᠵᠤ᠋ ᠨᠢᠷᠤᠭᠤ ᠪᠠᠷ ᠶᠢᠡᠨ ᠬᠠᠷᠠᠪᠳᠤᠷ ᠭᠦᠷᠡᠩ ᠵᠤᠷᠪᠣᠰ ᠲᠡᠶ ᠪᠣᠯᠵᠤ ᠬᠤᠪᠢᠷᠠᠳᠠᠭ᠃

ᠳᠠᠤᠯᠠᠢ ᠳᠦᠷᠤᠵᠤ ᠥᠰᠭᠦ ᠨᠢ ᠲᠤᠢ᠌ᠯ ᠤᠨ ᠬᠤᠷᠳᠤᠨ᠃ ᠳᠠᠪᠢ ᠵᠢᠷᠠ ᠬᠤᠨᠤᠭ ᠲᠤ ᠨᠢᠭᠡ ᠣᠳᠠᠭ᠎ᠠ ᠵᠤᠯᠵᠠᠭᠠᠯᠠᠵᠤ᠂ ᠵᠢᠯ ᠴᠠᠭᠠᠨ ᠰᠠᠷ᠎ᠠ ᠪᠣᠯᠳᠠᠯ᠎ᠠ ᠪᠦᠵᠦᠩᠯᠡᠵᠤ᠂ ᠳᠠᠪᠣ ᠭᠤᠷᠪᠠᠨ ᠳᠠᠤᠯᠠᠢ ᠪᠠᠢ᠌ᠭᠰᠠᠨ ᠶᠢᠡᠨ ᠳᠠᠯ᠎ᠠ ᠪᠠᠭᠳᠠᠬᠤ ᠦᠭᠡᠶ ᠭᠡᠮᠡᠷ ᠣᠯᠠᠨ ᠳᠠᠤᠯᠠᠢ ᠪᠣᠯᠵᠤ ᠦᠷᠡᠵᠢᠳᠡᠭ᠌᠃ ᠴᠢᠩᠭᠢᠭᠦᠯᠡᠷ ᠭᠦᠮᠦᠰ (ᠮᠤᠩᠭ᠋ᠤᠯᠴᠤᠳ) ᠳᠤᠭᠳᠠᠭᠰᠠᠨ ᠴᠠᠭ ᠭᠠᠷᠭᠠᠵᠤ ᠳᠠᠤᠯᠠᠢ ᠶᠢ ᠠᠪᠠᠯᠠᠳᠠᠭ᠃

ᠮᠤᠩᠭ᠋ᠤᠯᠴᠤᠳ ᠳᠠᠤᠯᠠᠢ ᠠᠪᠠᠯᠠᠬᠤ ᠳᠤ᠂ ᠭᠡᠵᠢᠶ᠎ᠡ ᠠᠪᠠᠯᠠᠨ᠎ᠠ ᠭᠡᠪᠠᠯ ᠭᠡᠵᠢᠶ᠎ᠡ ᠠᠪᠠᠯᠠᠴᠢᠬᠠᠳᠠᠭ ᠦᠭᠡᠶ᠃ ᠴᠠᠭ ᠣᠯᠠᠷᠢᠯ᠂ ᠠᠭᠤᠷ ᠠᠮᠢᠰᠬᠤᠯ᠂ ᠵᠢᠴᠢ ᠳᠠᠤᠯᠠᠢ ᠶᠢᠨ ᠦᠰᠦᠯᠳᠠ ᠪᠣᠢ᠌ᠵᠢᠯᠳᠠ᠂ ᠦᠷᠠᠵᠢᠯᠳᠠ ᠲᠦᠯᠵᠢᠯᠳᠠ ᠶᠢᠨ ᠪᠠᠢ᠌ᠳᠠᠯ ᠢ ᠬᠠᠷᠠᠵᠤ᠂ ᠨᠠᠮᠤᠷ ᠡᠪᠦᠯ ᠳᠡᠭᠡᠨ ᠭᠤᠤᠯᠳᠠᠭᠤ ᠠᠪᠠᠯᠠᠳᠠᠭ᠃ ᠡᠨᠡ ᠦᠶ᠎ᠡ (ᠣᠯᠠᠷᠢᠯ) ᠪᠣᠯ ᠠᠯᠢᠪᠠ ᠠᠮᠢᠳᠠᠨ ᠣᠷᠭᠤᠮᠠᠯ᠂ ᠠᠮᠢ ᠭᠤᠤᠯᠳᠠᠨ ᠤ ᠭᠦᠢᠴᠡᠳ ᠲᠦᠯᠵᠢᠵᠤ ᠦᠷᠠᠵᠢᠵᠤ᠂ ᠦᠰᠦᠯᠳᠠ ᠪᠣᠢ᠌ᠵᠢᠯᠳᠠ ᠨᠢ ᠳᠦᠭᠦᠷᠴᠤ ᠳᠤᠯᠤᠭᠰᠠᠨ ᠬᠤᠭᠤᠴᠠᠭ᠎ᠠ ᠪᠣᠯᠬᠤᠷ ᠳᠠᠤᠯᠠᠢ ᠠᠪᠠᠯᠠᠬᠤ ᠳᠤ ᠳᠤᠭᠢᠷᠠᠳᠠᠭ᠃ ᠳᠠᠤᠯᠠᠢ ᠨᠢ ᠴᠤ ᠡᠨᠡ ᠦᠶ᠎ᠡ ᠳᠤ᠂ ᠪᠠᠶ᠎ᠠ ᠪᠢᠯᠳᠠᠷ ᠦᠰᠴᠦ ᠳᠦᠭᠦᠷᠴᠤ᠂ ᠦᠰᠦ ᠵᠢᠰᠤ ᠪᠦᠷᠢᠳᠴᠤ᠂ ᠮᠢᠬ᠎ᠠ ᠠᠷᠠᠰᠤ ᠨᠢ ᠪᠦᠷᠢᠨ ᠣᠷᠭᠤᠨ ᠭᠦᠢᠴᠡᠭ᠍ᠰᠡᠨ ᠪᠠᠢ᠌ᠳᠠᠭ᠃ ᠬᠠᠶᠠ ᠳᠠᠭᠠᠨ ᠵᠠᠷᠢᠮ ᠭᠦᠮᠤᠨ ᠮᠤᠷᠢ ᠪᠠᠨ ᠭᠦᠯᠦᠰᠦᠯᠡᠨ᠎ᠡ᠂ ᠮᠤᠷᠢᠨ ᠤ ᠪᠠᠨ ᠮᠠᠭᠤ ᠭᠦᠯᠦᠰᠤ ᠶᠢ ᠭᠠᠷᠭᠠᠨ᠎ᠠ ᠭᠡᠵᠤ ᠬᠠᠪᠣᠷ ᠲᠠᠭᠠᠨ ᠳᠠᠤᠯᠠᠢ ᠠᠪᠠᠯᠠᠳᠠᠭ᠃ ᠭᠡᠪᠠᠴᠤ ᠡᠨᠡ ᠦᠶ᠎ᠡ ᠳ᠋ᠠᠭᠢ ᠳᠠᠤᠯᠠᠢ ᠶᠢᠨ ᠮᠢᠬ᠎ᠠ ᠶᠢ ᠭᠦᠮᠦᠰ ᠳᠠᠮᠠᠢ ᠢᠳᠡᠳᠡᠭ᠌ ᠦᠭᠡᠶ᠂ ᠠᠷᠠᠰᠤ ᠶᠢ ᠨᠢ ᠴᠤ ᠳᠠᠮᠠᠢ ᠭᠡᠷᠡᠭ᠍ᠴᠡᠭᠡᠳᠡᠭ᠌ ᠦᠭᠡᠶ᠃ ᠣᠴᠢᠷ ᠨᠢ᠂ ᠬᠠᠪᠣᠷ ᠴᠠᠭ ᠪᠣᠯ ᠬᠠᠴᠢᠭ ᠴᠠᠭ ᠣᠴᠢᠷ ᠡᠴᠡ ᠠᠯᠢᠪᠠ ᠠᠮᠢᠳᠠᠨ ᠤ ᠠᠷᠠᠰᠤ ᠮᠢᠬ᠎ᠠ ᠨᠢ ᠰᠢᠮ᠎ᠠ ᠰᠢᠭᠦᠰᠤ ᠪᠠᠷ ᠮᠠᠭᠤ᠂ ᠭᠡᠷᠡᠭ᠍ᠴᠡᠭᠡ ᠣᠢ᠌ᠯᠠᠳᠤᠯ ᠶᠢᠡᠷ ᠠᠨᠠᠢ ᠪᠠᠢ᠌ᠳᠠᠭ ᠶᠤᠮ᠃ ᠳᠡᠭᠦᠨ ᠡᠴᠡ ᠯᠠ ᠪᠣᠯᠤᠭᠰᠠᠨ ᠪᠠᠢ᠌ᠬ᠎ᠠ᠃

ᠮᠤᠩᠭ᠋ᠤᠯᠴᠤᠳ ᠳᠠᠤᠯᠠᠢ ᠶᠢ ᠮᠤᠷᠢ ᠪᠠᠷ ᠪᠣᠶᠤ ᠨᠤᠬᠠᠢ ᠪᠠᠷ᠂ ᠪᠢᠯᠠᠭᠤ ᠪᠠᠷ ᠭᠤᠤᠯᠳᠠᠭᠤ ᠠᠪᠠᠯᠠᠳᠠᠭ᠃ ᠬᠠᠶᠠ ᠳᠠᠭᠠᠨ ᠬᠠᠪᠬ᠎ᠠ᠂ ᠣᠷᠬ᠎ᠠ ᠳᠠᠯᠪᠢᠬᠤ ᠪᠣᠶᠤ ᠨᠥᠭᠡ ᠶᠢ ᠨᠢ ᠣᠳᠤᠵᠤ (ᠣᠳᠤᠭ᠎ᠠ ᠳᠠᠯᠪᠢᠵᠤ) ᠴᠤᠭᠤᠯᠳᠠᠵᠤ (ᠡᠭᠦᠷ ᠢ ᠨᠢ ᠣᠬᠤᠵᠤ ᠮᠠᠯᠳᠠᠵᠤ) ᠠᠪᠠᠯᠠᠳᠠᠭ᠃ ᠭᠡᠪᠠᠴᠤ ᠡᠳᠡᠭᠡᠷ ᠨᠢ ᠴᠥᠭᠡᠨ ᠭᠡᠷᠡᠭᠯᠡᠭ᠍ᠳᠡᠳᠡᠭ᠌᠃

ᠳᠠᠤᠯᠠᠢ ᠶᠢ ᠠᠪᠠᠯᠠᠬᠤ ᠳᠤ᠂ ᠡᠭᠡ ᠳᠠᠤᠯᠠᠢ ᠪᠣᠶᠤ ᠦᠷ᠎ᠡ ᠵᠤᠯᠵᠠᠭ᠎ᠠ ᠶᠢ ᠨᠢ ᠠᠪᠠᠯᠠᠬᠤ᠂ ᠠᠯᠠᠵᠤ ᠬᠤᠷᠤᠭᠠᠬᠤ ᠶᠢ ᠴᠢᠩᠳᠠ ᠴᠡᠭᠡᠷᠯᠡᠳᠡᠭ᠌᠃ ᠡᠷ᠎ᠡ ᠭᠦᠢᠰᠦᠳᠡᠨ᠂ ᠨᠠᠰᠤ ᠭᠦᠢᠴᠡᠭ᠍ᠰᠡᠨ ᠪᠣᠶᠤ ᠪᠣᠵᠠᠭᠠᠢ ᠳᠤᠮᠤ ᠶᠢ ᠨᠢ ᠠᠪᠠᠯᠠᠳᠠᠭ᠃ ᠡᠪᠡᠳᠴᠢᠨ ᠳᠠᠬᠤᠤᠯ ᠲᠡᠶ ᠪᠣᠶᠤ ᠡᠷᠭᠦᠳᠡᠭ᠌ ᠳᠤᠭᠤᠯᠠᠩ᠂ ᠪᠠᠭᠤᠷᠠᠢ ᠳᠤᠷᠤᠢ᠂ ᠭᠡᠮᠳᠦᠵᠤ ᠰᠢᠷᠠᠬᠠᠳᠠᠭᠰᠠᠨ ᠳᠠᠤᠯᠠᠢ ᠶᠢ ᠠᠪᠠᠯᠠᠳᠠᠭ ᠦᠭᠡᠶ᠃ ᠡᠪᠡᠳᠴᠢᠨ ᠳᠠᠬᠤᠤᠯ ᠤᠨ ᠬᠤᠭᠤᠴᠠᠭ᠎ᠠ (ᠭᠤᠤᠯ ᠨᠢ ᠬᠠᠪᠣᠷ ᠵᠤᠨ ᠤ ᠣᠠᠯᠷᠢᠯ) ᠪᠣᠶᠤ ᠦᠷᠠᠵᠢᠵᠤ ᠲᠦᠯᠵᠢᠭᠦ ᠬᠤᠭᠤᠠᠭ᠎ᠠ᠂ ᠵᠢᠴᠢ ᠠᠭᠤᠷ ᠠᠮᠢᠰᠬᠤᠯ ᠪᠦᠭ᠍ᠴᠢᠮ᠎ᠡ ᠬᠠᠯᠠᠭᠤᠨ ᠴᠠᠭ ᠲᠤ ᠦᠨᠳᠦᠰᠦᠨ ᠳᠡᠭᠡᠨ ᠳᠠᠤᠯᠠᠢ ᠠᠪᠠᠯᠠᠳᠠᠭ ᠦᠭᠡᠶ᠃ ᠡᠪᠡᠳᠴᠢᠨ ᠳᠠᠬᠤᠤᠯ ᠤᠨ ᠬᠤᠭᠤᠴᠠᠭᠠᠨ ᠳᠤ ᠳᠠᠤᠯᠠᠢ ᠠᠪᠠᠯᠠᠬᠤ ᠨᠢ ᠡᠪᠡᠳᠴᠢᠨ ᠳᠠᠬᠤᠤᠯ ᠬᠠᠯᠳᠠᠪᠣᠷᠢᠯᠠᠬᠤ᠂ ᠳᠡᠯᠭᠡᠷᠡᠭᠦ ᠠᠶᠤᠯᠳᠠᠢ ᠭᠡᠵᠤ᠂ ᠡᠷᠭᠦᠳᠡᠭ᠌ ᠳᠤᠭᠤᠯᠠᠩ᠂ ᠪᠠᠭᠤᠷᠠᠢ ᠳᠤᠷᠤᠢ᠂ ᠭᠡᠮᠳᠦᠵᠤ ᠰᠢᠷᠬᠠᠳᠠᠭᠰᠠᠨ ᠪᠣᠶᠤ ᠦᠷᠠᠵᠢᠵᠤ ᠲᠦᠯᠵᠢᠭᠦ ᠬᠤᠭᠤᠴᠠᠭᠠᠨ ᠤ ᠭᠢ ᠶᠢ ᠠᠪᠠᠯᠠᠬᠤ ᠨᠢ ᠦᠷᠤᠰᠢᠶᠠᠯ ᠡᠯᠪᠠᠷᠢᠯ ᠦᠭᠡᠶ᠂ ᠠᠮᠢᠳᠠᠨ ᠭᠤᠤᠯᠳᠠᠨ ᠢ ᠦᠷᠤᠪᠳᠤᠵᠤ ᠦᠷᠦᠰᠢᠶᠡᠭᠦ ᠰᠡᠳᠭᠢᠯ ᠦᠭᠡᠶ ᠭᠡᠵᠤ ᠥᠵᠡᠳᠡᠭ᠌᠃ ᠬᠠᠯᠠᠭᠤᠨ ᠴᠠᠭ ᠲᠤ ᠳᠠᠤᠯᠠᠢ ᠠᠪᠠᠯᠠᠪᠠᠯ᠂ ᠮᠢᠬ᠎ᠠ ᠠᠷᠠᠰᠤ ᠶᠢ ᠨᠢ ᠡᠳ᠋ᠯᠡᠵᠤ ᠭᠡᠷᠡᠭᠯᠡᠭᠦ ᠪᠣᠶᠤ ᠡᠯᠳᠡᠵᠤ ᠬᠠᠳᠠᠭᠠᠯᠠᠬᠤ ᠳᠤ ᠠᠰᠢᠭ ᠦᠭᠡᠶ ᠪᠠᠢ᠌ᠳᠠᠭ᠃

ᠳᠠᠤᠯᠠᠢ ᠠᠪᠠᠯᠠᠬᠤ ᠪᠣᠯ ᠮᠤᠩᠭ᠋ᠤᠯᠴᠤᠳ ᠤᠨ ᠣᠯᠠᠮᠵᠢᠯᠠᠯᠳᠤ ᠠᠪᠠ ᠠᠩᠨᠠᠯ ᠤᠨ ᠵᠠᠩ ᠵᠠᠩᠰᠢᠯ ᠤᠨ ᠨᠢᠭᠡᠨ ᠪᠣᠯᠬᠤ ᠪᠦᠭᠡᠳ ᠠᠪᠠᠯᠠᠵᠤ ᠠᠩᠨᠠᠬᠤ ᠶᠤᠰᠤ ᠵᠠᠩᠰᠢᠯ᠂ ᠠᠭᠤᠯᠭ᠎ᠠ ᠵᠤᠷᠢᠯᠭ᠎ᠠ ᠨᠢ ᠠᠰ ᠠᠰᠳᠠᠭᠠᠨ᠂ ᠦᠪᠡᠷ ᠦᠪᠡᠷ ᠤᠨ ᠣᠠᠴᠠᠯᠢᠭ᠂ ᠰᠢᠠᠵᠢ ᠲᠡᠶ ᠪᠠᠢ᠌ᠳᠠᠭ᠃

ᠮᠤᠩᠭ᠋ᠤᠯᠴᠤᠳ ᠠᠪᠠ ᠶᠢᠨ ᠬᠤᠷᠤᠬᠠᠢ ᠪᠠᠨ ᠳᠠᠷᠤᠨ᠎ᠠ ᠭᠡᠵᠤ ᠳᠠᠤᠯᠠᠢ ᠶᠢᠨ ᠠᠪᠠ ᠳᠤ ᠭᠠᠷᠳᠠᠭ᠃ ᠣᠨᠤᠵᠤ ᠪᠠᠢ᠌ᠭ᠎ᠠ ᠮᠤᠷᠢ ᠪᠣᠶᠤ ᠳᠡᠵᠢᠭᠡᠵᠤ ᠪᠠᠢ᠌ᠭ᠎ᠠ ᠨᠤᠬᠠᠢ ᠶᠢᠨ ᠶᠢᠡᠨ ᠭᠦᠶ‍ᠦᠳᠡᠯ᠂ ᠬᠤᠷᠳᠤᠴᠠ ᠶᠢ ᠰᠤᠷᠢᠨ᠎ᠡ᠂ ᠰᠢᠯᠭᠠᠨ᠎ᠠ ᠭᠡᠵᠤ ᠴᠤ ᠳᠠᠤᠯᠠᠢ ᠶᠢᠨ ᠠᠪᠠ ᠳᠤ ᠭᠠᠷᠳᠠᠭ᠃ ᠪᠠᠷᠢᠵᠤ ᠪᠠᠢ᠌ᠭ᠎ᠠ ᠪᠢᠯᠠᠭᠤ ᠶᠢᠨ ᠶᠢᠡᠨ ᠳᠤᠰᠤᠯᠳᠠ ᠶᠢ ᠦᠵᠡᠨ᠎ᠠ ᠭᠡᠵᠤ ᠳᠠᠤᠯᠠᠢ ᠶᠢᠨ ᠠᠪᠠ ᠳᠤ ᠭᠠᠷᠳᠠᠭ᠃ 《ᠪᠣᠭᠤᠨᠢ ᠴᠤ ᠪᠣᠯᠤᠭ᠂ ᠪᠣᠷᠤ ᠳᠠᠤᠯᠠᠢ ᠶᠢᠨ ᠬᠨ》᠂ 《ᠮᠦᠴᠢ ᠴᠤ ᠪᠣᠯᠤᠭ᠂ ᠮᠥᠡᠳᠦᠭᠡᠷ ᠳᠠᠤᠯᠠᠢ ᠶᠢᠨ ᠮᠢᠬ᠎ᠠ》᠂ 《ᠪᠣᠭᠳᠠ ᠶᠢᠨ ᠪᠣᠷᠤ ᠱᠦᠯᠦ ᠣᠤᠭᠤᠨ᠎ᠠ》᠂ 《ᠬᠠᠭᠠᠨ ᠤ ᠬᠠᠷ᠎ᠠ ᠱᠦᠯᠦ ᠡᠴᠡ ᠠᠮᠬᠠᠷᠠᠨ᠎ᠠ》 ᠭᠡᠵᠤ ᠴᠤ ᠳᠠᠤᠯᠠᠢ ᠶᠢᠨ ᠠᠪᠠ ᠳᠤ ᠭᠠᠷᠳᠠᠭ᠃

ᠮᠤᠩᠭ᠋ᠤᠯ ᠭᠦᠮᠤᠨ ᠤ ᠠᠪᠠ ᠶᠢᠨ ᠭᠡᠢ᠌ᠮᠦᠷᠢ᠂ ᠠᠮᠠᠨ ᠭᠡᠰᠢᠭ᠌ ᠶᠠᠷᠤ ᠨᠢ ᠰᠠᠢ᠌ᠨ ᠶᠤᠮ᠃ ᠠᠯᠢ ᠨᠢᠭᠡᠨ ᠭᠦᠮᠤᠨ ᠨᠢ ᠳᠠᠤᠯᠠᠢ ᠶᠢᠨ ᠠᠪᠠ ᠳᠤ ᠮᠤᠷᠳᠠᠭᠰᠠᠨ ᠴᠤ ᠭᠠᠷ ᠬᠤᠭᠤᠰᠤᠨ ᠭᠠᠠᠵᠤᠭ᠎ᠠ ᠳᠤᠠᠳᠠᠭᠤᠷ ᠬᠠᠷᠢᠵᠤ ᠢᠷᠡᠳᠡᠭ᠌ ᠦᠭᠡᠶ᠃ ᠠᠷᠪᠠ ᠳᠠᠪᠤᠨ ᠳᠠᠤᠯᠠᠢ ᠪᠣᠶᠤ ᠠᠳᠠᠭ ᠪᠠᠭ᠎ᠠ ᠳᠠᠭᠠᠨ ᠨᠢᠭᠡ ᠬᠤᠶᠠᠷ ᠢ ᠴᠤ ᠭᠡᠰᠡᠨ ᠭᠠᠠᠵᠤᠭᠠᠯᠠᠭᠠᠤᠨ ᠢᠷᠡᠳᠡᠭ᠌᠃ ᠢᠷᠡᠮᠡᠭ᠍ᠴᠡ ᠳᠠᠤᠯᠠᠢ ᠪᠠᠨ ᠬᠠᠯᠠᠭᠤᠨ ᠳᠡᠭᠡᠷ᠎ᠡ ᠨᠢ ᠦᠪᠴᠢᠵᠤ ᠰᠠᠯᠭᠠᠵᠤ᠂ ᠴᠢᠨᠠᠵᠤ ᠪᠣᠯᠭᠤᠭᠠᠵᠤ᠂ 《ᠪᠣᠭᠳᠠ ᠶᠢᠨ ᠪᠣᠷᠤ ᠱᠦᠯᠦ》᠂ 《ᠬᠠᠭᠠᠨ ᠤ ᠬᠠᠷ᠎ᠠ ᠱᠦᠯᠦ》 ᠭᠡᠮᠡᠨ ᠠᠮᠳᠠᠷᠬᠠᠨ ᠢᠳᠡᠵᠡᠭᠡᠳᠡᠭ᠌᠃

ᠳᠠᠤᠯᠠᠢ ᠶᠢᠨ ᠮᠢᠬ᠎ᠠ ᠨᠢ ᠥᠭᠡᠭᠦ ᠦᠭᠡᠶ ᠴᠤᠯᠤ ᠬᠠᠷ᠎ᠠ ᠮᠢᠬ᠎ᠠ ᠪᠣᠯᠬᠤ ᠪᠦᠭᠡᠳ ᠢᠳᠡᠭᠦ ᠳᠤ ᠵᠥᠭᠡᠯᠡᠨ᠂ ᠠᠮᠳᠠᠳᠠᠢ᠂ ᠵᠠᠵᠢᠯᠠᠭᠤᠷ ᠰᠠᠢ᠌ᠳᠠᠢ ᠪᠠᠢ᠌ᠳᠠᠭ᠃ ᠳᠠᠤᠯᠠᠢ ᠨᠢ ᠡᠪᠠᠰᠤᠨ ᠤ ᠦᠷ᠎ᠡ᠂ ᠦᠨᠳᠦᠰᠦ ᠪᠣᠶᠤ ᠡᠯᠳᠡᠪ ᠵᠣᠢ᠌ᠯ ᠤᠨ ᠡᠮᠳᠤ ᠡᠪᠠᠰᠤ ᠣᠷᠭᠤᠮᠠᠯ ᠢ ᠢᠳᠡᠳᠡᠭ᠌᠃ ᠡᠢ᠌ᠮᠤ ᠡᠴᠡ ᠮᠢᠬ᠎ᠠ ᠨᠢ ᠪᠣᠭᠢᠷᠳᠠᠯ ᠦᠭᠡᠶ ᠮᠦᠷᠳᠡᠭᠡᠨ ᠰᠢᠮ᠎ᠠ ᠳᠡᠵᠢᠭᠡᠯ ᠶᠢᠡᠷ ᠣᠠᠴᠠ ᠰᠠᠢ᠌ᠨ᠂ ᠢᠯᠴᠢ ᠢᠯᠭᠠᠷᠠᠭᠤᠯᠬᠤ ᠨᠢ ᠳᠦᠷᠭᠡᠨ᠂ ᠭᠦᠮᠤᠨ ᠤ ᠪᠠᠶ᠎ᠠ ᠶᠢᠨ ᠳᠠᠮᠢᠷ ᠵᠢᠯᠭ᠎ᠠ ᠶᠢ ᠰᠡᠯᠭᠦᠭᠦ᠂ ᠭᠦᠴᠤ ᠴᠢᠳᠠᠯ ᠢ ᠨᠡᠮᠡᠭ᠍ᠳᠡᠭᠦᠯᠭᠦ᠂ ᠵᠢᠴᠢ ᠡᠪᠡᠳᠴᠢᠨ ᠡᠮᠭᠡᠭ᠌ ᠢ ᠵᠠᠰᠠᠬᠤ ᠳᠤ ᠳᠤᠰᠠᠯᠠᠬᠤ ᠣᠢ᠌ᠯᠠᠳᠤᠯ ᠲᠡᠶ᠃ ᠥᠳᠡᠯᠦᠭᠡ ᠨᠠᠰᠤᠳᠠᠢ ᠭᠦᠮᠤᠨ ᠪᠣᠶᠤ ᠪᠠᠶ᠎ᠠ ᠮᠠᠭᠤᠳᠠᠢ᠂ ᠡᠪᠡᠳᠴᠢᠨ ᠬᠠᠭᠤᠴᠢᠨ ᠲᠡᠶ ᠭᠦᠮᠤᠨ ᠢᠳᠡᠭᠦ ᠳᠤ ᠮᠠᠰᠢ ᠳᠤᠭᠢᠷᠠᠳᠠᠭ᠃ ᠳᠠᠤᠯᠠᠢ ᠶᠢᠨ ᠮᠢᠬᠠᠨ ᠱᠦᠯᠦ ᠨᠢ ᠥᠭᠡᠭᠦ ᠳᠤᠰᠤ ᠦᠭᠡᠶ ᠴᠤᠯᠤ ᠬᠠᠷ᠎ᠠ ᠱᠦᠯᠦ ᠪᠣᠯᠬᠤᠷ ᠦᠰᠪᠦᠷᠢ ᠶᠢᠨ ᠵᠢᠭᠠᠯ ᠪᠠᠭᠠᠴᠤᠳ᠂ ᠥᠳᠡᠯᠦᠭᠡ ᠪᠣᠭᠤᠷᠤᠯ ᠨᠠᠰᠤᠳᠠᠤᠨ᠂ ᠡᠪᠡᠳᠴᠢᠨ ᠬᠠᠭᠤᠴᠢᠨ ᠲᠡᠶ ᠭᠦᠮᠤᠨ ᠣᠤᠭᠤᠬᠤ ᠳᠤ ᠳᠤᠭᠢᠷᠠᠬᠤ ᠢᠳᠡᠭᠡᠨ ᠤ ᠳᠡᠷᠢᠭᠦᠨ᠂ ᠳᠡᠵᠢᠭᠡᠯ ᠤᠨ ᠳᠡᠭᠡᠳᠤ ᠊᠊᠊᠊᠊᠊᠊᠊᠊᠊᠊᠊᠊᠊᠊ ᠱᠦᠯᠦ ᠪᠣᠯᠬᠤ ᠪᠢᠯᠠ ︕᠁

ᠳᠠᠤᠯᠠᠢ ᠶᠢᠨ ᠠᠷᠠᠰᠤ ᠶᠢ ᠢᠳᠡᠭᠡᠯᠡᠵᠤ (ᠢᠳᠡᠰᠢᠭᠦᠯᠵᠤ) ᠡᠯᠳᠡᠴᠢᠭᠡᠪᠠᠯ᠂ ᠳᠠᠪᠠᠯ ᠤᠨ ᠳᠤᠷᠤᠤ᠂ ᠬᠤᠯᠭᠤᠪᠴᠢ ᠪᠣᠶᠤ ᠮᠠᠯᠠᠭᠠᠢ ᠭᠢᠭᠦ ᠳᠤ ᠬᠠᠪᠣᠳᠠᠢ (ᠳᠠᠭᠠᠳᠠᠢ)᠂ ᠵᠥᠭᠡᠯᠡᠨ᠂ ᠳᠤᠯᠠᠭᠠᠨ᠂ ᠢᠯᠴᠢ ᠰᠠᠢ᠌ᠳᠠᠢ ᠪᠠᠢ᠌ᠳᠠᠭ᠃ ᠡᠷᠳᠡ ᠦᠶ᠎ᠡ ᠳᠤ᠂ ᠵᠠᠷᠢᠮ ᠪᠠᠶᠠᠨ ᠰᠠᠷᠳᠠᠭ᠂ ᠵᠤᠭᠤᠰ ᠮᠦᠩᠭᠦ ᠲᠡᠶ᠂ ᠳᠡᠭᠡᠳᠤ ᠳᠠᠪᠬᠤᠷᠭᠠᠳᠠᠨ ᠭᠦᠮᠦᠰ ᠳᠠᠤᠯᠠᠢ ᠶᠢᠨ ᠠᠷᠠᠰᠤ ᠪᠠᠷ ᠵᠤᠪᠴᠠᠭ᠎ᠠ (ᠳᠠᠤᠯᠠᠢ ᠶᠢᠨ ᠠᠷᠠᠰᠤᠨ ᠳᠤᠳᠤᠷ ᠲᠡᠶ ᠳᠤᠷᠭᠠᠨ ᠳᠠᠪᠠᠯ) ᠭᠢᠵᠤ ᠡᠮᠦᠰᠳᠡᠭ᠌ ᠭᠡᠯᠴᠡᠳᠡᠭ᠌᠃

ᠳᠠᠤᠯᠠᠢ ᠶᠢᠨ ᠪᠦᠭᠦ ᠪᠠᠶ᠎ᠠ ᠨᠢ ᠴᠦᠮ ᠡᠷᠳᠡᠨᠢ ᠶᠤᠮ᠃ ᠳᠠᠤᠯᠠᠢ ᠶᠢᠨ ᠮᠢᠬ᠎ᠠ᠂ ᠳᠠᠷᠢᠭᠢ᠂ ᠡᠯᠢᠭᠡ᠂ ᠠᠭᠤᠰᠭᠢ᠂ ᠵᠢᠷᠦᠭᠡ᠂ ᠳᠡᠯᠢᠭᠦᠤ᠂ ᠪᠦᠭᠡᠷ᠎ᠡ᠂ ᠪᠠᠭᠠᠰᠤ ᠨᠢ ᠴᠦᠮ ᠡᠮ ᠤᠨ ᠨᠠᠢ᠌ᠷᠠᠯᠳᠠ ᠳᠤ ᠣᠷᠤᠳᠠᠭ ᠪᠣᠶᠤ ᠡᠪᠡᠳᠴᠢᠨ ᠵᠠᠰᠠᠬᠤ ᠳᠤ ᠭᠡᠷᠡᠭᠯᠡᠭ᠍ᠳᠡᠳᠡᠭ᠌᠃ ᠳᠠᠤᠯᠠᠢ ᠶᠢᠨ ᠵᠢᠷᠦᠭᠡ ᠪᠣᠯ ᠭᠡᠢ ᠶᠢ ᠳᠠᠷᠤᠬᠤ᠂ ᠵᠢᠷᠦᠭᠡ ᠶᠢ ᠳᠠᠢ᠌ᠤᠠᠬᠤᠷᠠᠭᠤᠯᠬᠤ᠂ ᠵᠢᠷᠦᠭᠡᠨ ᠤ ᠬᠠᠳᠬᠤᠯᠭ᠎ᠠ ᠶᠢ ᠳᠠᠷᠤᠬᠤ ᠣᠢ᠌ᠯᠠᠳᠤᠯ ᠲᠡᠶ᠃ ᠴᠡᠭᠡᠵᠢ ᠠᠭᠰᠠᠬᠤ᠂ ᠪᠠᠶ᠎ᠠ ᠴᠡᠴᠡᠷᠡᠭᠦ᠂ ᠨᠣᠢ᠌ᠷ ᠬᠤᠯᠵᠢᠬᠤ᠂ ᠰᠡᠳᠭᠢᠯ ᠰᠠᠨᠠᠭ᠎ᠠ ᠰᠠᠮᠭᠠᠷᠳᠠᠬᠤ᠂ ᠳᠤᠳᠤᠷ᠎ᠠ ᠪᠠᠴᠢᠮᠳᠠᠬᠤ᠂ ᠵᠢᠷᠦᠭᠡᠨ ᠤ ᠭᠡᠢ ᠪᠠᠷ ᠮᠡᠳᠡᠭᠡ ᠠᠯᠳᠠᠬᠤ ᠵᠡᠷᠭᠡ ᠡᠪᠡᠳᠴᠢᠨ ᠢ ᠵᠠᠰᠠᠬᠤ ᠳᠤ ᠳᠠᠤᠯᠠᠢ ᠶᠢᠨ ᠵᠢᠷᠦᠭᠡ ᠶᠢ ᠭᠡᠷᠡᠭᠯᠡᠳᠡᠭ᠌᠃ ᠪᠢᠳᠠᠨ ᠢ ᠪᠠᠭ᠎ᠠ ᠳᠤ᠂ ᠣᠳᠤ ᠡᠴᠡ ᠳᠦᠴᠢᠭᠡᠳ ᠵᠢᠯ ᠤᠨ ᠡᠮᠤᠨ᠎ᠡ᠂ ᠮᠠᠨ ᠤ ᠨᠤᠳᠤᠭ ᠤᠨ ᠠᠬᠠᠮᠠᠤᠨ ᠳᠤᠷᠰᠢᠯᠭ᠎ᠠ ᠲᠡᠶ ᠨᠤᠳᠤᠭ ᠤᠨ ᠡᠮᠴᠢ ᠨᠡᠷ ᠡᠴᠡ᠂ ᠵᠢᠷᠦᠭᠡᠨ ᠡᠪᠡᠳᠴᠢᠨ ᠲᠡᠶ (ᠭᠡᠢ ᠰᠤᠯᠢᠶᠠᠳᠠᠢ ᠶᠤᠮ ᠰᠢᠭ ᠣᠠᠳᠠᠵᠤ ᠭᠡᠪᠳᠡᠵᠤ ᠠᠮᠠᠷᠠᠵᠤ ᠴᠢᠳᠠᠬᠤ ᠦᠭᠡᠶ ᠪᠣᠯᠤᠭᠰᠠᠨ) ᠭᠦᠮᠤᠨ ᠳᠤ᠂ ᠳᠠᠤᠯᠠᠢ ᠠᠪᠠᠯᠠᠭᠤᠯᠤᠨ ᠠᠪᠴᠢᠷᠠᠵᠤ᠂ ᠵᠢᠷᠦᠭᠡ ᠶᠢ ᠨᠢ ᠪᠠᠷᠢᠨ ᠳᠤᠤᠷ᠎ᠠ ᠨᠢ ᠭᠠᠷᠭᠠᠨ ᠠᠪᠴᠤ᠂ ᠴᠢᠰᠤ (ᠵᠢᠷᠦᠭᠡᠨ ᠤ ᠭᠢᠨᠢ) ᠶ᠋ᠢ ᠨᠢ ᠰᠢᠬᠠᠨ ᠭᠠᠷᠭᠠᠵᠤ᠂ ᠬᠠᠯᠠᠭᠤᠨ ᠶᠢᠡᠷ ᠨᠢ ᠣᠤᠭᠤᠯᠭᠠᠵᠤ ᠪᠠᠢ᠌ᠭᠰᠠᠨ ᠢ ᠪᠢᠳᠠ ᠦᠵᠡᠵᠤ ᠪᠠᠢ᠌ᠭᠰᠠᠨ᠃ ᠡᠨᠡ ᠨᠢ ᠳᠠᠤᠯᠠᠢ ᠶᠢᠨ ᠵᠢᠷᠦᠭᠡ ᠵᠢᠷᠦᠭᠡᠨ ᠡᠪᠡᠳᠴᠢᠨ ᠲᠡᠶ ᠭᠦᠮᠤᠨ ᠤ ᠵᠢᠷᠦᠭᠡ ᠶᠢ ᠵᠠᠰᠠᠬᠤ ᠣᠢ᠌ᠯᠠᠳᠤᠯ ᠲᠡᠶ ᠭᠡᠳᠡᠭ᠌ ᠤᠨ ᠣᠨᠤᠯ ᠤᠨ ᠪᠠᠷᠢᠮᠳᠠᠯᠠᠯ᠂ ᠥᠯᠡᠳᠦᠯᠭᠡ ᠶᠢᠨ ᠭᠡᠷᠡᠴᠢᠯᠡᠯ ᠨᠢ ᠳᠠᠷᠠ ᠪᠠᠢ᠌ᠬ᠎ᠠ ︕ 《ᠳᠠᠤᠯᠠᠢ ᠶᠢᠨ ᠮᠢᠬ᠎ᠠ ᠨᠢ ᠰᠢᠷᠬ᠎ᠠ ᠶᠢ ᠠᠨᠠᠭᠠᠵᠤ᠂ ᠶᠠᠰᠤᠨ ᠤ ᠡᠤ ᠶᠢ ᠬᠤᠪᠬᠤᠯᠠᠬᠤ ᠴᠢᠳᠠᠯᠳᠠᠢ᠃ ᠳᠠᠤᠯᠠᠢ ᠶᠢᠨ ᠠᠭᠤᠰᠭᠢ᠂ ᠵᠢᠷᠦᠭᠡ᠂ ᠳᠡᠯᠢᠭᠦᠤ᠂ ᠪᠦᠭᠡᠷ᠎ᠡ ᠪᠣᠯ ᠮᠦᠨ ᠭᠦᠮᠤᠨ ᠤ ᠳᠤᠰ ᠳᠤᠰ ᠡᠷᠭᠡᠳᠡᠨ ᠨᠤᠭᠦᠳ ᠤᠨ ᠡᠪᠡᠳᠴᠢᠨ ᠢ ᠵᠠᠰᠠᠬᠤ ᠴᠢᠳᠠᠯᠳᠠᠢ》 ᠭᠡᠵᠤ 《ᠮᠤᠩᠭ᠋ᠤᠯ ᠡᠮ ᠤᠨ ᠣᠢ᠌ᠯᠠᠯᠭ᠎ᠠ》 ᠪᠣᠶᠤ 《ᠮᠤᠩᠭ᠋ᠤᠯ ᠡᠮ ᠤᠨ ᠨᠠᠢ᠌ᠷᠠᠯᠭ᠎ᠠ》 ᠨᠤᠭᠤᠳ ᠳᠤ ᠪᠢᠴᠢᠵᠤ ᠳᠡᠮᠳᠡᠭᠯᠡᠵᠤ ᠪᠣᠢ᠃ 《ᠳᠠᠤᠯᠠᠢ ᠶᠢᠨ ᠪᠠᠭᠠᠰᠤ (ᠬᠠᠳᠠᠭᠰᠠᠨ ᠬᠤᠷᠭᠤᠤᠯ) ᠶ᠋ᠢ ᠭᠠᠯ ᠳᠡᠭᠡᠷ᠎ᠡ ᠨᠤᠮᠤᠳᠬᠠᠨ ᠳᠠᠯᠠᠬᠠᠳᠠᠭᠠᠤᠨ᠂ ᠡᠮ ᠲᠡᠶ ᠬᠤᠯᠢᠵᠤ ᠰᠢᠭᠡᠷᠡᠩ ᠡᠪᠡᠳᠴᠢᠨ ᠲᠡᠶ ᠬᠡᠦᠬᠡᠳ ᠪᠣᠶᠤ ᠳᠤᠤᠷ᠎ᠠ ᠪᠠᠨ (ᠣᠷᠤᠨ ᠳᠠᠭᠠᠨ) ᠰᠢᠭᠡᠳᠡᠭ᠌ ᠬᠡᠦᠬᠡᠳ ᠲᠤ ᠣᠤᠭᠤᠯᠭᠠᠪᠠᠯ᠂ ᠰᠢᠭᠡᠷᠡᠩ ᠡᠪᠡᠳᠴᠢᠨ ᠪᠣᠶᠤ ᠳᠤᠤᠷ᠎ᠠ ᠪᠠᠨ ᠰᠢᠭᠡᠳᠡᠭ᠌ ᠡᠪᠡᠳᠴᠢᠨ ᠢ ᠨᠢ ᠵᠠᠰᠠᠨ᠎ᠠ》 ᠭᠡᠵᠤ ᠠᠬᠠᠮᠠᠤᠨ ᠡᠮᠴᠢ ᠨᠡᠷ ᠶᠠᠷᠢᠳᠠᠭ᠃ ᠮᠠᠨ ᠤ ᠭᠢᠨ ᠤ ᠠᠬᠠᠮᠠᠳᠴᠤᠤᠯ᠂ ᠣᠤᠯ ᠨᠢ (ᠬᠠᠭᠤᠴᠢᠨ ᠨᠡᠢ᠌ᠭᠡᠮ ᠳᠤ) ᠳᠠᠮᠠᠭᠢ ᠬᠤᠪᠣᠷ ᠴᠠᠭ ᠦᠶ᠎ᠡ ᠳᠤ᠂ ᠳᠠᠤᠯᠠᠢ ᠶᠢᠨ ᠪᠠᠭᠠᠰᠤ (ᠬᠠᠳᠠᠭᠠᠰᠠᠨ ᠬᠤᠷᠭᠤᠤᠯ) ᠶ᠋ᠢ ᠭᠡᠮᠭᠢᠯᠡᠭᠡᠳ᠂ ᠳᠠᠮᠠᠭᠢᠨ ᠤ ᠣᠷᠤᠨ ᠳᠤ ᠳᠠᠳᠠᠵᠤ ᠪᠠᠢ᠌ᠯ᠎ᠠ ᠭᠡᠵᠤ ᠬᠠᠭᠤᠴᠢᠯᠠᠳᠠᠭ᠃ ᠭᠡᠭᠡᠷ᠎ᠡ ᠶᠢᠨ ᠳᠠᠤᠯᠠᠢ ᠨᠢ ᠡᠪᠠᠰᠤᠨ ᠤ ᠦᠷ᠎ᠡ ᠦᠨᠳᠦᠰᠦ ᠪᠣᠶᠤ ᠬᠤᠪᠣᠷ ᠴᠤᠬᠠᠭ ᠡᠮᠳᠤ ᠡᠪᠠᠰᠤ ᠣᠷᠭᠤᠮᠠᠯ ᠢ ᠢᠳᠡᠳᠡᠭ᠌ ᠣᠴᠢᠷ ᠡᠴᠡ᠂ ᠡᠨᠡ ᠯᠠᠪ ᠪᠣᠯᠬᠤ ᠪᠠᠢ᠌ᠬ᠎ᠠ᠃ ᠭᠡᠪᠠᠴᠤ ᠣᠳᠤ ᠭᠡᠷ ᠤᠨ ᠳᠠᠤᠯᠠᠢ ᠶᠢᠨ ᠪᠠᠭᠠᠰᠤ ᠶᠢ ᠭᠡᠮᠭᠡᠯᠡᠵᠤ ᠳᠠᠮᠠᠭᠢᠨ ᠤ ᠣᠷᠤᠨ ᠳᠤ ᠳᠠᠳᠠᠨ᠎ᠠ ᠭᠡᠪᠠᠯ᠂ ᠳᠠᠷᠠ ᠴᠤᠬᠤᠮ ᠱᠠᠯ ᠣᠠᠳᠤᠤ ᠣᠴᠢᠷ᠂ ᠬᠠᠷ᠎ᠠ ᠢᠨᠢᠶᠠᠳᠤᠮ ᠪᠣᠯᠬᠤ ᠪᠠᠢ᠌ᠬ᠎ᠠ ︕᠁


2011.10.23 ᠊᠊᠊᠊᠊᠊᠊᠊᠊᠊᠊᠊᠊᠊᠊ ᠊᠊᠊᠊᠊᠊᠊᠊᠊᠊᠊᠊᠊᠊᠊ 24 ᠳ᠋ᠤ᠂ ᠪᠠᠭᠡᠵᠢᠩ ᠬᠤᠳᠠᠨ᠎ᠡ ᠪᠢᠴᠢᠪᠠ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6184
ᠴᠠᠭ᠄ 2012 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ