☆ ᠪᠣ·ᠦᠯᠵᠡᠢ᠌ᠳᠤ
ᠳᠦᠤᠷᠢᠮᠠ
ᠰᠤᠭᠤ ᠰᠢᠭ ᠶᠢᠡᠨ ᠵᠠᠯᠠᠭᠤ ᠪᠠᠭ᠎ᠠ ᠶᠢᠨ ᠨᠠᠰᠤᠨ ᠳ᠋ᠠᠭᠠᠨ
ᠰᠤᠯᠢᠷ ᠰᠢᠭ ᠶᠢᠡᠨ ᠣᠴᠢᠯᠢᠭ ᠪᠣᠳᠤᠯ ᠬᠠᠷᠪᠣᠵᠤ ᠶᠠᠪᠣᠭᠰᠠᠨ
ᠰᠤᠷᠭᠤᠭ ᠴᠡᠴᠡᠭ᠌ ᠤᠨ ᠭᠡᠯᠳᠡᠰ ᠢ
ᠰᠠᠭᠰᠠᠭᠠᠷ ᠭᠡᠵᠢᠭᠡᠨ ᠳᠤ ᠴᠢᠨᠢ ᠵᠡᠭᠦᠯᠭᠡᠵᠤ ᠳᠤᠭᠯᠠᠬᠤ ᠳ᠋ᠠᠭᠠᠨ
ᠰᠤᠷᠮᠤᠤᠰᠤᠨ ᠳᠤ ᠴᠢᠨᠢ ᠯᠠ ᠰᠢᠳᠠᠬᠤ ᠵᠠᠶᠠᠭ᠎ᠠ ᠲᠡᠶ ᠭᠡᠵᠤ
ᠪᠢ ᠶᠠᠷᠤᠨᠢ ᠢᠳᠡᠭᠡᠭᠡ ᠦᠭᠡᠶ ᠡ
ᠦᠷᠭᠦᠭᠡ ᠶᠢᠨ ᠴᠢᠨᠢ ᠳᠤᠳᠤᠷ᠎ᠠ ᠳᠠᠷᠠ ᠪᠠᠨ ᠬᠤᠯᠪᠣᠭᠰᠠᠨ ᠨᠢ
ᠦᠨᠡᠮᠯᠠᠯ ᠤᠨ ᠴᠢᠨᠢ ᠳᠡᠭᠡᠷ᠎ᠡ ᠳᠠᠷᠠ ᠪᠠᠨ ᠬᠤᠯᠪᠣᠭᠰᠠᠨ ᠨᠢ
ᠦᠨᠡᠨ ᠳᠤ ᠪᠠᠨ ᠴᠢᠠᠰᠠᠭ᠎ᠠ ᠰᠠᠢ᠌ᠳᠠᠢ ᠭᠦᠮᠤᠨ ᠪᠠᠢ᠌ᠵᠤ ᠮᠠᠳᠠᠨ᠎ᠡ
ᠭᠡᠪᠠᠴᠤ ᠵᠢᠮ᠎ᠠ ᠶᠤᠰᠤᠭᠠᠷ ᠡᠷᠭᠢᠭᠦ ᠣᠷᠴᠢᠯᠠᠩ ᠤᠨ ᠵᠡᠷᠭᠡᠯᠭᠡᠨ ᠳ᠋ᠤ
ᠴᠢᠨᠤ ᠲᠦᠯᠦᠭᠡ ᠮᠢᠨᠤ ᠰᠡᠳᠭᠢᠯ ᠮᠥᠭᠦᠨ᠎ᠡ
ᠢᠯᠪᠢᠭᠦ ᠡᠴᠠ ᠪᠠᠨ ᠬᠠᠢ᠌ᠷᠠᠯᠠᠳᠠᠭ ᠭᠡᠵᠢᠭᠡ ᠶᠢ ᠴᠢᠨᠢ
ᠢᠳᠠ ᠲᠡᠶ ᠵᠠᠷᠢᠮ ᠭᠠᠷ ᠥᠭ᠍ᠳᠡᠭᠡᠵᠤ ᠪᠠᠢ᠌ᠵᠤ ᠮᠠᠳᠠᠨ᠎ᠡ
ᠢᠨᠢᠶᠡᠭᠦ ᠳᠤ ᠬᠤᠠᠳᠠᠭ᠎ᠠ ᠭᠠᠷᠳᠠᠭ ᠬᠠᠴᠠᠷ ᠢ ᠴᠢᠨᠢ
ᠢᠷ ᠲᠡᠶ ᠵᠠᠷᠢᠮ ᠭᠢᠳᠤᠭ᠎ᠠ ᠰᠤᠷᠪᠢᠯᠠᠵᠤ ᠪᠠᠢ᠌ᠵᠤ ᠮᠠᠳᠠᠨ᠎ᠡ ᠁
ᠪᠠᠢ᠌ᠵᠤ ᠮᠡᠳᠡᠭᠦ ᠣᠯᠠᠨ ᠥᠭᠡ ᠥᠶᠡᠯᠡᠭᠦ ᠠᠷᠪᠠᠳᠤ ᠶᠢᠨ ᠪᠣᠳᠠᠷᠠᠬᠠᠢ
ᠶᠠᠷ᠎ᠠ ᠪᠣᠯᠵᠤ ᠰᠢᠨᠠᠯᠠᠬᠤ ᠨᠢ ᠡ ᠨᠠᠳᠠ
ᠴᠡᠩᠭᠡᠯ ᠵᠢᠷᠭᠠᠯ ᠢ ᠴᠢᠨᠢ ᠡᠪᠳᠡᠭᠦ ᠡᠴᠠ ᠰᠠᠷᠠᠮᠵᠢᠯᠠᠵᠤ
ᠴᠢᠮ᠎ᠠ ᠶᠢ ᠳᠡᠪᠠᠷᠢᠭᠦ ᠭᠠᠷ ᠲᠤ ᠬᠤᠷᠤᠰᠬᠤ ᠥᠭᠡᠢ
ᠥᠨᠦᠰᠦᠭᠦ ᠣᠷᠤᠭᠤᠯ ᠳᠤ ᠬᠤᠷᠤᠰᠬᠤ ᠥᠭᠡᠢ
ᠴᠠᠭ ᠢᠮᠠᠭᠳᠠ ᠴᠢ ᠮᠢᠨᠢ ᠪᠠᠶᠠᠷᠳᠠᠢ ᠯᠠ ᠪᠠᠢ᠌ᠪᠠᠯ
ᠠᠬ᠎ᠠ ᠴᠢᠨᠢ ᠠᠷᠤ ᠶᠢᠨ ᠰᠦᠮ᠎ᠡ ᠳ᠋ᠤ
ᠰᠠᠭᠢᠯ ᠳᠤ ᠰᠠᠭᠤᠭᠰᠠᠨ ᠴᠤ ᠳᠤᠷᠠᠳᠠᠢ ᠰᠢᠤ
ᠳᠦᠤᠷᠢᠮᠠ ᠡ
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠦᠨᠳᠦᠰᠦᠳᠠᠨ ᠤ ᠵᠦᠪᠯᠠᠯ
ᠵᠤᠬᠢᠶᠠᠭᠴᠢ᠄ ᠪᠣ·ᠦᠯᠵᠡᠢ᠌ᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ