☆ ᠠᠯᠳᠠᠠᠪᠠᠭᠠᠨᠠ
ᠨᠢᠴᠦᠭᠦᠷᠡᠯᠡ
ᠣᠯᠠᠨ ᠣᠯᠠᠨ ᠣᠭᠢᠳ ᠮᠢᠨᠢ
ᠣᠭᠳᠤᠢ ᠪᠠᠩᠵᠠᠯ ᠲᠡᠶ ᠨᠢᠴᠦᠭᠦᠷᠡᠯᠡ
ᠣᠩᠭ᠋ᠤᠨ ᠰᠠᠢ᠌ᠬᠠᠨ ᠪᠠᠢ᠌ᠭᠠᠯᠢ ᠮᠢᠨᠢ
ᠣᠯᠠᠭᠠᠨ ᠰᠢᠷᠭᠠᠯᠳᠤᠵᠤ ᠨᠢᠴᠦᠭᠦᠷᠡᠯᠡ
ᠳᠠᠩᠰᠤᠭ ᠪᠠᠶᠠᠨ ᠮᠠᠯᠴᠢᠳ ᠮᠢᠨᠢ
ᠳᠠᠯᠠ ᠪᠠᠨ ᠪᠠᠷᠠᠵᠤ ᠨᠢᠴᠦᠭᠦᠷᠡᠯᠡ
ᠮᠢᠬᠠ ᠢᠳᠡᠭ᠍ᠰᠡᠨ ᠮᠤᠩᠭ᠋ᠤᠯ ᠮᠢᠨᠢ
ᠮᠠᠯ ᠶᠢᠠᠨ ᠪᠠᠷᠠᠵᠤ ᠨᠢᠴᠦᠭᠦᠷᠡᠯᠡ
ᠨᠠᠷᠭᠢᠮᠠ ᠵᠠᠯᠠᠭᠤ ᠭᠦᠴᠦᠦᠯ ᠨᠢ
ᠨᠠᠪᠳᠠᠰᠤᠨ ᠦᠮᠦᠳᠦ ᠲᠡᠶ ᠨᠢᠴᠦᠭᠦᠷᠡᠯᠡ
ᠠᠢ᠌ᠯ ᠶᠢᠡᠨ ᠳᠤᠭᠤᠷᠢᠭᠰᠠᠨ ᠵᠠᠯᠠᠭᠤᠴᠤᠳ ᠨᠢ
ᠠᠷᠢᠭᠢ ᠳᠠᠪᠡᠷᠢᠵᠤ ᠨᠢᠴᠦᠭᠦᠷᠡᠯᠡ
ᠣᠰᠤᠳᠤ ᠡᠨᠠ ᠪᠦᠮᠪᠦᠴᠡᠭ᠌
ᠣᠰᠤ ᠦᠭᠡᠶ ᠪᠣᠯᠵᠤ ᠨᠢᠴᠦᠭᠦᠷᠡᠯᠡ
ᠭᠦᠷᠦᠰᠳᠤ ᠶᠡᠭᠡ ᠳᠡᠯᠡᠭᠡᠢ ᠳᠤ
ᠭᠦᠮᠤᠨ ᠦᠭᠡᠶ ᠪᠣᠯᠵᠤ ᠨᠢᠴᠦᠭᠦᠷᠡᠯᠡ
ᠨᠢᠴᠦᠭᠦᠷᠡᠯᠡ ᠨᠢᠴᠦᠭᠦᠷᠡᠯᠡ
ᠨᠢᠭᠦᠯᠳᠤ ᠡᠨᠡ ᠬᠤᠷᠸᠠ ᠡ
ᠨᠢᠳᠤ ᠦᠭᠡᠶ ᠪᠣᠯᠵᠤ ᠨᠢᠴᠦᠭᠦᠷᠡᠯᠡ
ᠵᠤᠬᠢᠶᠠᠭᠴᠢ᠄ ᠠᠯᠳᠠᠠᠪᠠᠭᠠᠨᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 2636
ᠴᠠᠭ᠄ 2009 ᠤᠨ ᠤ 06 ᠰᠠᠷᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ