☆ ᠳ᠋·ᠭᠤᠮᠪᠣᠵᠠᠪ
ᠳᠡᠮᠡᠭᠡ
ᠳᠡᠮᠡᠭᠡᠨ ᠳᠡᠭᠡᠷ᠎ᠡ ᠪᠠᠨ ᠪᠠᠢ᠌ᠬᠤ ᠳ᠋ᠤ
ᠳᠡᠭ᠍ᠷᠢ ᠣᠢ᠌ᠷᠠᠬᠠᠨ
ᠳᠠᠩ ᠭᠦᠩᠭᠡᠨ
ᠳᠠᠯ᠎ᠠ ᠵᠠᠳᠠᠭᠠᠢ᠃
ᠠᠷᠪᠠᠨ ᠬᠤᠶᠠᠷ ᠵᠢᠯ ᠤᠨ ᠰᠢᠠᠵᠢ ᠵᠢ
ᠠᠪᠣᠷᠭᠤ ᠪᠠᠶ᠎ᠠ ᠳᠡᠭᠡᠨ ᠬᠠᠳᠠᠭᠠᠯᠠᠭᠰᠠᠨ
ᠠᠴᠢᠶ᠎ᠠ ᠡᠭᠦᠷᠭᠡ ᠳᠠᠢ
ᠠᠭᠠᠵᠢᠮ ᠠᠯᠠᠬᠤᠳᠠᠯ ᠳᠠᠢ
ᠠᠪᠣᠷᠭᠤ ᠠᠮᠢᠳᠠᠨ ᠳᠡᠮᠡᠭᠡ ᠮᠢᠨᠢ
ᠠᠶᠠᠨ ᠳᠤ ᠡᠴᠡᠳᠡᠭ᠌ ᠦᠭᠡᠶ ᠳᠡᠩᠭᠡᠭᠡ ᠶᠤᠮ᠃
ᠨᠡᠭᠦᠳᠡᠯᠴᠢᠨ ᠮᠤᠩᠭ᠋ᠤᠯ ᠤᠨ
ᠨᠢᠭᠦᠯ ᠪᠣᠶᠠᠨ ᠬᠤᠶᠠᠷ ᠢ
ᠨᠢᠷᠤᠭᠠᠨ ᠳᠠᠭᠠᠨ ᠳᠡᠩᠴᠡᠭᠦᠯᠵᠤ ᠢᠷᠡᠭ᠍ᠰᠡᠨ
ᠨᠢᠳᠤᠨ ᠳᠡᠭᠡᠨ ᠨᠢᠯᠪᠣᠰᠤ ᠲᠡᠶ ᠳᠡᠮᠡᠭᠡ ᠮᠢᠨᠢ
ᠨᠤᠳᠤᠭ ᠶᠢᠡᠨ ᠴᠢᠮᠡᠭ᠍ᠰᠡᠨ ᠥᠵᠡᠰᠭᠦᠯᠡᠩ ᠶᠤᠮ᠃
ᠣᠰᠤᠨ ᠳᠡᠭᠡᠷ᠎ᠡ ᠣᠴᠠᠷᠠᠭᠰᠠᠨ
ᠣᠷᠠᠨ ᠪᠣᠭᠤ ᠳ᠋ᠤ
ᠡᠪᠠᠷ ᠶᠢᠡᠨ ᠮᠡᠭᠡᠯᠡᠭᠦᠯᠵᠤ ᠦᠭᠭᠦᠭᠡᠤᠨ
ᠦᠪᠡᠷ ᠶᠢᠡᠨ ᠮᠤᠬᠤᠷᠳᠠᠵᠤ ᠬᠤᠴᠤᠷᠠᠭᠰᠠᠨ
ᠥᠭ᠍ᠭᠢᠶᠡᠮᠦᠷ ᠵᠠᠩ ᠲᠡᠶ ᠳᠡᠮᠡᠭᠡ ᠮᠢᠨᠢ
ᠣᠰᠤ ᠣᠤᠭᠤᠬᠤ ᠪᠣᠯᠭᠠᠨ
ᠠᠭᠤᠯᠠ ᠳᠠᠯ᠎ᠠ ᠶᠢ ᠣᠳᠠᠭᠠᠨ ᠬᠠᠷᠠᠵᠤ ᠵᠤᠭᠰᠤᠳᠠᠭ
ᠡᠪᠠᠷ ᠶᠢᠡᠨ ᠥᠭᠡᠢ᠌ᠯᠡᠭ᠍ᠰᠡᠨ ᠥᠯᠢᠭᠡᠷ ᠶᠤᠮ᠃
ᠭᠠᠩ ᠲᠡᠶ ᠵᠤᠨ ᠤ ᠭᠠᠯ ᠰᠢᠭ ᠨᠠᠷᠠᠨ ᠡᠴᠡ
ᠰᠡᠭᠦᠳᠡᠷ ᠡᠷᠢᠵᠤ ᠰᠡᠷᠢᠭᠦᠴᠡᠳᠡᠭ᠌ ᠥᠭᠡᠢ
ᠭᠦᠯᠳᠡᠭᠦᠤ ᠡᠪᠦᠯ ᠤᠨ ᠭᠦᠢᠳᠡᠨ ᠰᠢᠭᠤᠷᠭᠠᠨ ᠡᠴᠡ
ᠬᠤᠳᠤᠭᠤᠷ ᠡᠷᠢᠵᠤ ᠬᠤᠷᠭᠤᠳᠠᠳᠠᠭ ᠥᠭᠡᠢ
ᠨᠢᠭᠡ ᠯᠠ ᠵᠠᠩ ᠵᠢᠠᠷ
ᠨᠢᠭᠡ ᠯᠠ ᠵᠠᠮ ᠵᠢᠠᠷ
ᠠᠷᠤ ᠠᠷᠤ ᠡᠴᠡ ᠪᠠᠨ ᠴᠤᠪᠣᠵᠤ ᠠᠯᠠᠬᠤᠯᠠᠳᠠᠭ
ᠠᠪᠣ ᠶᠢᠨ ᠴᠦᠷᠭᠦᠯᠡᠭ᠍ᠰᠡᠨ ᠠᠳᠠᠰ ᠮᠢᠨᠢ
ᠣᠳᠠᠰᠤᠨ ᠳᠤ ᠭᠦᠳᠦᠯᠦᠭ᠍ᠳᠡᠭ᠍ᠰᠡᠨ
ᠠᠭᠤᠯᠠ ᠶᠤᠮ᠃
ᠪᠣᠷᠠᠠᠳᠠᠭ ᠡᠴᠡ ᠨᠢ ᠣᠭᠵᠠᠷᠠᠭᠰᠠᠤᠨ ᠤᠨ ᠡᠮᠦᠨ᠎ᠡ
ᠪᠣᠷᠤᠭᠤᠳᠠᠨ ᠨᠢ ᠶᠤᠮ ᠰᠢᠭ
ᠡᠪᠦᠳᠦᠭ᠌ ᠴᠥᠭᠦᠷᠴᠤ ᠭᠡᠪᠳᠡᠭᠡᠤᠨ
ᠣᠪᠣᠭ᠎ᠠ ᠪᠣᠯᠳᠠᠯ᠎ᠠ ᠡᠭᠦᠷᠭᠡ ᠠᠴᠢᠶᠠᠯᠠᠭᠤᠯᠤᠭᠠᠤᠨ
ᠦᠨᠳᠠᠢ᠌ᠵᠤ ᠪᠣᠰᠳᠠᠭ ᠳᠡᠮᠡᠭᠡ ᠮᠢᠨᠢ
ᠣᠷᠴᠢᠯᠠᠩ ᠢ ᠰᠤᠴᠢᠭᠠᠭᠠᠭᠰᠠᠨ ᠣᠮᠤᠭ ᠶᠤᠮ᠃
ᠵᠤᠬᠢᠶᠠᠭᠴᠢ᠄ ᠳ᠋·ᠭᠤᠮᠪᠣᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2662
ᠴᠠᠭ᠄ 2008 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ