☆ ᠬᠠᠷᠠᠨᠤᠳ ᠳᠦᠷᠤ ᠵᠠᠶᠠᠭ᠎ᠠ
ᠡᠵᠢ ᠳᠡᠭᠡᠨ ᠵᠤᠯᠭᠠᠬᠤ ᠳ᠋ᠤ
ᠡᠷᠭᠢᠵᠤ ᠢᠷᠡᠭᠦ ᠦᠭᠡᠶ ᠭᠡᠵᠤ
ᠡᠮᠵᠡᠭᠯᠡᠵᠤ ᠭᠠᠩᠭ᠋ᠠᠨᠠᠭᠰᠠᠨ ᠭᠠᠯᠠᠭᠤᠳ ᠪᠣᠴᠠᠪᠠ᠂
ᠡᠭᠡ ᠣᠷᠤᠨ ᠤ ᠮᠢᠨᠢ ᠳᠡᠭ᠍ᠷᠢ
ᠡᠭᠦᠯᠡ ᠪᠠᠨ ᠵᠠᠳᠠᠭᠠᠢ᠌ᠯᠠᠵᠤ ᠡᠵᠡᠭᠦᠢᠷᠡᠭᠦ ᠳ᠋ᠤ
ᠴᠢᠯᠠᠭᠤᠳ ᠨᠢ ᠠᠩᠭ᠋ᠠᠨ ᠴᠠᠩᠭ᠋ᠠᠨ ᠮᠥᠯᠭᠦᠨᠡ
ᠠᠭᠤᠯᠠ ᠳᠤᠯᠤᠭᠠᠤᠨ ᠨᠢ ᠦᠨᠦᠴᠢᠷᠠᠨᠡ
ᠣᠰᠤᠨ ᠤ ᠳᠤᠯᠢ ᠊ᠭ᠍ᠬᠢᠷᠳᠤᠨᠡ
ᠤᠶᠠᠩᠭ᠎ᠠ ᠳᠠᠭᠤᠤ ᠮᠠᠷᠳᠠᠭᠳᠠᠨᠠ
ᠡᠷᠭᠢᠵᠤ ᠢᠷᠡᠭᠦ ᠦᠭᠡᠶ ᠭᠡᠵᠤ
ᠡᠩᠰᠡᠷᠡᠳᠡᠯ᠎ᠡ ᠣᠭᠢᠯᠠᠬᠤ ᠰᠢᠭᠦᠳᠡᠷᠢ ᠶᠢᠨ ᠴᠢᠮᠡᠭᠡ ᠬᠤᠯᠠᠳᠠᠨ᠎ᠠ
ᠡᠷᠢᠭ᠍ᠳᠡᠵᠤ ᠰᠠᠨᠠᠭᠰᠠᠨ ᠰᠡᠳᠭᠢᠯ ᠶᠢᠡᠨ ᠴᠢᠩᠨᠠᠬᠤ ᠳ᠋ᠤ
ᠡᠩᠭᠦᠷᠡᠢ ᠪᠣᠭᠤᠷᠤᠯ ᠡᠵᠢ ᠮᠢᠨᠢ ᠠᠯᠠᠭ᠎ᠠ ᠪᠠᠢ᠌ᠭᠰᠠᠨ ᠪᠠᠢ᠌ᠨ᠎ᠠ︕
ᠡᠪᠠᠤ᠂ ᠪᠦᠦᠪᠠᠢ ᠶᠢᠨ ᠳᠠᠭᠤᠤ ᠪᠠᠢ᠌ᠨ᠎ᠠ
ᠡᠯᠢᠭᠡᠨ ᠬᠠᠢ᠌ᠷᠠᠳᠤ ᠭᠦᠤ ᠨᠢ ᠢᠷᠡᠭ᠍ᠰᠡᠨ ᠪᠠᠢ᠌ᠨ᠎ᠠ
ᠡᠷᠭᠢ ᠲᠦᠰᠢᠵᠤ ᠣᠰᠤᠨ ᠴᠡᠴᠡᠭᠯᠡᠵᠤ ᠪᠠᠢ᠌ᠨ᠎ᠠ
ᠠᠯᠤᠰ ᠤᠨ ᠴᠡᠩᠭᠡᠷ ᠭᠠᠯᠠᠭᠤᠳ ᠢᠷᠡᠭ᠍ᠰᠡᠨ ᠪᠠᠢ᠌ᠨ᠎ᠠ
ᠴᠢᠯᠠᠭᠤᠳ ᠨᠢ ᠡᠪᠠᠰᠤᠨ ᠤ ᠦᠨᠦᠷ ᠲᠡᠶ ᠡᠮᠳᠡᠷᠡᠵᠤ
ᠴᠡᠯᠡᠭᠡᠷ ᠳᠠᠯ᠎ᠠ ᠶᠢᠨ ᠵᠡᠷᠭᠡᠯᠭᠡ ᠳᠤᠭᠯᠠᠨ ᠠᠯᠢᠶᠠᠯᠠᠬᠤ ᠳ᠋ᠤ
ᠳᠤᠪᠣ ᠳᠤᠯᠤᠭᠠᠤᠨ ᠨᠢ ᠰᠡᠷᠭᠦᠨ
ᠠᠭᠤᠯᠠ ᠶᠢᠨ ᠣᠷᠭᠢᠯ ᠳᠤ ᠡᠭᠦᠯᠡᠨ ᠴᠠᠭᠠᠨ ᠪᠣᠷᠤᠭ᠎ᠠ
ᠡᠵᠢ ᠶᠢᠨ ᠪᠠᠷ᠎ᠠ ᠪᠠᠷ ᠬᠠᠢ᠌ᠯᠠᠨ ᠮᠡᠯᠳᠡᠭᠡᠨᠡᠵᠤ ᠪᠠᠢ᠌ᠨ᠎ᠠ
ᠣᠨᠠᠨ ᠳᠤᠰᠤᠨ ᠣᠭᠳᠤᠨ ᠣᠴᠢᠵᠤ ᠵᠤᠯᠭᠠᠬᠤ ᠳ᠋ᠤ
ᠡᠩᠭᠦᠷᠡᠢ ᠪᠣᠭᠤᠷᠤᠯ ᠡᠵᠢ ᠶᠢᠨ ᠮᠢᠨᠢ ᠡᠩᠭᠡᠷ ᠨᠢ ᠳᠡᠪᠳᠦᠭ᠍ᠰᠡᠨ ᠪᠠᠢ᠌ᠨ᠎ᠠ︕
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3084
ᠴᠠᠭ᠄ 2011 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ