ᠨᠡᠪᠲᠡᠷᠡᠨ ᠤᠷᠤᠬᠤ
ᠮᠢᠨᠤ ᠮᠤᠩᠭ᠋ᠤᠯ ᠴᠡᠴᠡᠷᠯᠢᠭ᠌
(ᠴᠡᠴᠡᠷᠯᠢᠭ᠌ ᠤᠨ ᠳᠠᠭᠤᠤ᠂ ᠠᠶ᠎ᠠ ᠭᠦᠰᠡᠶ᠎ᠡ)

ᠡᠳᠦᠷ ᠡᠳᠦᠷ ᠣᠭᠳᠤᠳᠠᠭ

ᠥᠷᠭᠦᠭᠡ ᠴᠠᠭᠠᠨ ᠠᠰᠠᠷ ᠳᠠᠢ

ᠥᠷᠯᠦᠭᠡ ᠥᠷᠯᠦᠭᠡ ᠳᠦᠷᠦᠭᠡᠯᠡᠳᠡᠭ᠌

ᠦᠯᠵᠡᠢ ᠪᠠᠶᠠᠨ ᠭᠦᠰᠡᠯ ᠳᠠᠢ

ᠮᠢᠨᠤ ᠮᠤᠩᠭ᠋ᠤᠯ ᠴᠡᠴᠡᠷᠯᠢᠭ᠌

ᠮᠢᠨᠤ ᠬᠠᠢ᠌ᠷ᠎ᠠ ᠶᠢᠨ ᠳᠡᠭ᠍ᠷᠢ᠃

ᠵᠢᠯ ᠵᠢᠯ ᠰᠠᠢ᠌ᠰᠢᠶᠠᠭᠳᠠᠳᠠᠭ

ᠵᠢᠱᠢᠶᠠᠴᠢ ᠭᠦᠳᠡᠯᠮᠦᠷᠢᠴᠢ ᠪᠠᠭᠰᠢ ᠨᠡᠷ ᠳᠠᠢ

ᠣᠨ ᠣᠨ ᠱᠠᠩᠨᠠᠭᠳᠠᠳᠠᠭ

ᠣᠠᠴᠠ ᠰᠤᠷᠳᠠᠭ ᠬᠡᠦᠬᠡᠳ ᠤᠳ ᠳᠠᠢ

ᠮᠢᠨᠤ ᠮᠤᠩᠭ᠋ᠤᠯ ᠴᠡᠴᠡᠷᠯᠢᠭ᠌

ᠮᠢᠨᠤ ᠬᠠᠢ᠌ᠷ᠎ᠠ ᠶᠢᠨ ᠳᠡᠭ᠍ᠷᠢ᠃

ᠵᠤᠨ ᠵᠤᠨ ᠰᠤᠯᠤᠩᠭ᠋ᠠᠷᠠᠬᠤ

ᠵᠢᠷᠤᠭ ᠰᠠᠢ᠌ᠬᠠᠨ ᠦᠵᠡᠮᠵᠢ ᠳᠠᠢ

ᠵᠠᠭᠤᠨ ᠵᠠᠭᠤᠨ ᠳᠤ ᠳᠠᠭᠤᠷᠢᠰᠬᠤ

ᠵᠤᠯᠠᠢ ᠮᠥᠩᠭᠦᠨ ᠠᠯᠳᠠᠷ ᠳᠠᠢ

ᠮᠢᠨᠤ ᠮᠤᠩᠭ᠋ᠤᠯ ᠴᠡᠴᠡᠷᠯᠢᠭ᠌

ᠮᠢᠨᠤ ᠬᠠᠢ᠌ᠷ᠎ᠠ ᠶᠢᠨ ᠳᠡᠭ᠍ᠷᠢ᠃


2009.05.04 ᠬᠦᠬᠡᠬᠤᠲᠠᠨ᠎ᠡ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2963
ᠴᠠᠭ᠄ 2009 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ