ᠨᠡᠪᠲᠡᠷᠡᠨ ᠤᠷᠤᠬᠤ
ᠰᠡᠭᠦᠯᠴᠢ ᠶᠢᠨ ᠠᠮᠢᠰᠬᠤᠭ᠎ᠠ

ᠬᠤᠷᠸ᠎ᠠ ᠳ᠋ᠤ

ᠭᠦᠮᠤᠨ ᠪᠣᠯᠵᠤ ᠳᠦᠷᠦᠭᠡᠳ

ᠡᠷ᠎ᠡ ᠪᠣᠯᠵᠤ ᠦᠰᠦᠯ᠎ᠠ

ᠡᠷ᠎ᠡ ᠪᠣᠯᠵᠤ ᠥᠰᠦᠭ᠍ᠰᠡᠨ ᠵᠢᠠᠨ

ᠡᠴᠢᠭᠡ ᠪᠣᠯᠵᠤ ᠦᠳᠡᠯᠤᠯ᠎ᠠ︕

ᠥᠳᠡᠯᠦᠭ᠍ᠰᠡᠨ ᠠᠮᠢᠳᠤᠷᠠᠯ ᠳᠠᠭᠤᠰᠬᠤ ᠭᠡᠵᠤ

ᠣᠳᠤ᠂ ᠣᠷᠤᠨ ᠳᠡᠭᠡᠷ᠎ᠡ ᠪᠠᠨ

ᠠᠮᠢᠰᠬᠤᠯ ᠳᠠᠪᠬᠤᠴᠠᠨ ᠭᠡᠪᠳᠡᠨ᠎ᠡ᠂

ᠬᠤᠷᠸ᠎ᠠ ᠳᠤ

ᠪᠢ ᠶᠠᠭᠤ ᠪᠠᠨ ᠥᠯᠡᠳᠡᠭᠡᠭᠦ ᠪᠢᠯᠠ︕ ᠭᠡᠵᠤ

ᠶᠠᠷᠤ ᠡᠴᠡ ᠪᠠᠨ ᠪᠣᠳᠤᠭ᠎ᠠ ᠦᠭᠡᠶ ᠣᠴᠢᠷ

ᠪᠣᠳᠤᠯ ᠳᠤᠳᠤᠷ᠎ᠠ ᠮᠢᠨᠢ ᠡᠷᠭᠢᠯᠳᠦᠨ᠎ᠡ᠂

ᠬᠤᠷᠸ᠎ᠠ ᠳ᠋ᠤ

ᠪᠢ ᠭᠡᠵᠤ ᠠᠮᠢᠳᠤᠷᠠᠵᠤ ᠶᠠᠪᠣᠭᠰᠠᠨ ᠵᠢᠠᠨ

ᠶᠠᠭᠤ ᠪᠠᠷ ᠶᠢᠡᠨ ᠭᠡᠷᠡᠴᠢᠯᠡᠭᠦ ᠪᠢᠯᠠ︕ ᠭᠡᠵᠤ

ᠭᠢᠭ᠍ᠰᠡᠨ ᠪᠦᠳᠦᠭᠡᠭ᠍ᠰᠡᠨ ᠵᠣᠢ᠌ᠯ ᠵᠢᠠᠨ

ᠦᠨ᠎ᠡ ᠭᠦᠷᠭᠡᠵᠤ ᠪᠣᠳᠤᠨ᠎ᠠ

ᠪᠣᠳᠤᠯ᠎ᠠ ᠴᠤ ᠭᠡᠰᠡᠨ

ᠪᠣᠷᠤ ᠭᠡᠷ ᠡᠴᠡ ᠪᠠᠨ ᠢᠯᠡᠭᠦᠤ ᠶᠢ ᠪᠦᠳᠦᠭᠡᠭᠡ ᠥᠭᠡᠢ

ᠦᠨᠡᠯᠠᠯ᠎ᠠ ᠴᠤ ᠭᠡᠰᠡᠨ

ᠦᠷ᠎ᠡ ᠪᠠᠨ ᠥᠰᠭᠡᠭᠦ ᠡᠴᠡ ᠢᠯᠡᠭᠦᠤ ᠭᠠᠪᠢᠶ᠎ᠠ ᠦᠭᠡᠶ᠃

ᠵᠠᠯᠠᠭᠤ ᠳᠤ ᠪᠠᠨ

ᠰᠠᠢ᠌ᠨ ᠮᠤᠷᠢ

ᠰᠠᠢ᠌ᠬᠠᠨ ᠭᠡᠦᠭᠡᠨ ᠤ ᠳᠤᠬᠠᠢ ᠭᠦᠭ᠍ᠵᠢᠵᠤ

ᠨᠠᠭᠠᠳᠤᠮ ᠳᠤ ᠨᠢᠭᠡ ᠶᠢ ᠬᠠᠶᠠᠭᠰᠠᠨ ᠪᠠᠢ᠌ᠳᠠᠯ ᠳᠠᠢ

ᠨᠠᠩᠵᠢᠳ ᠲᠤ ᠨᠠᠮ ᠴᠤᠭᠢᠭᠤᠯᠴᠢᠬᠠᠭᠰᠠᠨ ᠠᠯᠬᠤᠳᠠᠯ ᠳᠠᠢ

ᠴᠠᠭ ᠪᠠᠷᠠᠵᠤ

ᠨᠠᠰᠤ ᠡᠯᠡᠭᠡᠭᠦ ᠶᠢᠨ ᠵᠤᠪᠠᠯᠠᠩ ᠳᠠᠢ

ᠴᠢᠷᠠᠢ ᠠᠯᠳᠠᠵᠤ

ᠨᠠᠷ᠎ᠠ ᠭᠤᠳᠤᠭᠠᠬᠤ ᠶᠢᠨ ᠴᠡᠭᠡᠷ ᠳᠠᠢ

ᠠᠮᠢᠳᠤᠷᠠᠵᠤ ᠪᠢᠯᠠ ᠦᠦ︖

ᠣᠳᠤ ᠰᠠ‍‌ᠶᠢ ᠯᠠ

ᠡᠨᠡ ᠪᠦᠭᠦᠳᠡ ᠨᠢ ᠭᠡᠢ ᠬᠤᠭᠤᠰᠤᠨ ᠢ ᠮᠠᠳᠠᠵᠤ

ᠬᠤᠭᠤᠰᠤᠨ ᠠᠯᠳᠠᠷ ᠤᠨ ᠳᠦᠯᠦᠭᠡ

ᠬᠤᠷᠸ᠎ᠠ ᠶᠢ ᠣᠷᠭᠢᠬᠤ ᠪᠣᠯᠵᠠᠢ

ᠢᠩᠭᠢᠵᠤ ᠯᠠ

ᠬᠤᠷᠸ᠎ᠠ ᠶᠢ ᠣᠷᠭᠢᠬᠤ ᠭᠡᠵᠤ

ᠠᠷᠠᠢ ᠳᠡᠩᠳᠡᠭᠦᠤ

ᠠᠷᠠᠢ ᠳᠡᠭ᠍ᠳᠡᠭᠦᠤ ᠭᠡᠵᠤ ᠪᠣᠳᠤᠬᠤ ᠡᠴᠡ

ᠠᠯᠳᠠᠨ ᠴᠠᠭ ᠤᠨ ᠦᠨ᠎ᠡ ᠳᠤᠳᠤᠷᠠᠵᠤ

ᠠᠯᠳᠠᠬᠠᠨ ᠪᠠᠶ᠎ᠠ ᠶᠢᠨ ᠡᠡᠭ᠌ ᠳᠤᠳᠠᠨ᠎ᠠ᠂

ᠠᠷᠠᠢ ᠳᠡᠩᠳᠡᠭᠦᠤ ᠭᠡᠵᠤ ᠪᠣᠳᠤᠬᠤ ᠡᠴᠡ

ᠠᠯᠳᠠᠭ᠎ᠠ ᠶᠡᠭᠡᠳᠡᠵᠤ

ᠣᠯᠤᠯᠳᠠ ᠪᠠᠭᠠᠳᠠᠨ᠎ᠠ᠃

ᠠᠷᠠᠢ ᠳᠡᠩᠳᠡᠭᠦᠤ ᠭᠡᠵᠤ ᠪᠣᠳᠤᠬᠤ ᠳ᠋ᠤ

ᠠᠮᠢᠰᠬᠤᠯ ᠳᠠᠪᠬᠤᠴᠠᠨ᠎ᠠ᠂

ᠠᠷᠠᠢ ᠳᠡᠩᠳᠡᠭᠦᠤ ᠭᠡᠵᠤ ᠪᠣᠳᠤᠬᠤ ᠳ᠋ᠤ

ᠠᠮᠢᠰᠬᠤᠯ ᠳᠠᠪᠬᠤᠴᠠᠨ ᠳᠠᠪᠬᠤᠴᠠᠨ᠎ᠠ︕


2009 1 3

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2009 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ