ᠨᠡᠪᠲᠡᠷᠡᠨ ᠤᠷᠤᠬᠤ
ᠨᠠᠰᠤᠨ ᠤ ᠠᠯᠳᠠᠨ ᠳᠤᠷᠠᠳᠬᠠᠯ
᠊᠊᠊᠊᠊᠊᠊᠊᠊᠊᠊᠊᠊᠊᠊ ᠨᠠᠢ᠌ᠰᠯᠠᠯ ᠳᠤ ᠪᠠᠢ᠌ᠭᠰᠠᠨ ᠤᠳᠬ᠎ᠠ ᠤᠶᠠᠩ‍ᠭ᠎ᠠ ᠶᠢᠨ ᠳᠦᠷᠪᠠᠨ ᠰᠠᠷ᠎ᠠ

ᠭᠡᠨ ᠳᠤ ᠴᠤ ᠮᠡᠳᠡᠭ᠍ᠳᠡᠯ ᠦᠭᠡᠶ ᠰᠡᠮᠡᠭᠡᠷᠭᠡᠨ ᠶᠠᠪᠣᠭᠠᠤᠨ ᠥᠭ᠍ᠴᠢᠭᠡᠶ᠎ᠡ ᠭᠡᠵᠤ ᠭᠢᠴᠢᠶᠡᠭᠡᠳ ᠪᠠᠢ᠌ᠵᠤ ᠪᠣᠯᠤᠭᠰᠠᠨ ᠦᠭᠡᠶ ᠶᠠᠭ ᠭᠠᠷᠬᠤ ᠳᠡᠭᠡᠷ᠎ᠡ ᠠᠩᠭᠢ ᠶᠢᠨ ᠳᠠᠷᠤᠭ᠎ᠠ ᠳᠦᠷᠦᠭᠦᠤ ᠲᠡᠶ ᠭᠡᠳᠤᠨ ᠬᠠᠮᠳᠤ ᠰᠤᠷᠤᠯᠭᠠᠳᠠᠨ ᠮᠢᠨᠤ ᠶᠠᠪᠣᠬᠤ ᠶᠢ ᠭᠡᠳᠥᠢᠨᠡᠢ ᠮᠡᠳᠡᠴᠢᠭᠡᠭᠡᠳ ᠠᠰᠠᠷ ᠤᠨ ᠡᠭᠦᠳᠡᠨ ᠳᠡᠭᠡᠷ᠎ᠡ ᠭᠦᠯᠢᠶᠡᠵᠤ ᠪᠠᠢ᠌ᠯ᠎ᠠ᠃ ᠨᠠᠮ᠎ᠠ ᠶᠢ ᠥᠵᠡᠮᠡᠭ᠍ᠴᠡ ᠳᠤᠤᠷ᠎ᠠ ᠪᠠᠨ ᠭᠦᠶ‍ᠦᠯᠳᠤᠨ ᠢᠷᠡᠵᠡᠭᠡᠵᠤ᠂ ᠪᠣᠭᠴᠤ ᠪᠣᠭᠤᠳᠠᠯ ᠢ ᠪᠣᠯᠢᠶᠠᠯᠳᠤᠨ ᠠᠪᠣᠭᠠᠤᠨ ᠥᠭᠡ ᠳᠠᠭᠤ ᠦᠭᠡᠶ ᠰᠤᠷᠭᠠᠭᠤᠯᠢ ᠶᠢᠨ ᠡᠭᠦᠳᠡ ᠣᠷᠤᠭᠤ ᠶᠠᠪᠣᠵᠠᠭᠠᠯ᠎ᠠ᠃ ᠢᠷᠠᠵᠤ ᠪᠠᠢ᠌ᠭ᠎ᠠ ᠰᠠᠯᠤᠯᠳᠠ ᠶᠢᠨ ᠭᠠᠰᠢᠭᠤᠨ ᠢ ᠰᠡᠳᠭᠢᠯ ᠶᠢᠡᠷ ᠮᠡᠳᠡᠷᠡᠭ᠍ᠰᠡᠨ ᠴᠠᠭ ᠲᠤ ᠥᠭᠡ ᠭᠡᠯᠡᠭᠦ ᠨᠢ ᠢᠯᠡᠭᠦᠴᠡ ᠵᠣᠢ᠌ᠯ ᠠᠵᠢ ︕ ᠡᠨᠡ ᠯᠠ ᠬᠠᠯᠠᠳᠠᠢ ᠪᠠᠢ᠌ᠳᠠᠯ ᠢ ᠥᠵᠡᠭᠦ ᠡᠴᠡ ᠪᠠᠨ ᠬᠠᠯᠠᠰᠢᠷᠠᠬᠤ ᠳᠠᠭᠠᠨ ᠪᠢ ᠵᠤᠷᠢᠭᠤᠳᠠ ᠡᠳᠡᠨ ᠡᠴᠡ ᠵᠠᠢ᠌ᠯᠠᠭᠠᠤᠨ ᠪᠠᠢ᠌ᠭᠰᠠᠨ ᠨᠢ ᠦᠨᠡᠨ᠃ ᠭᠡᠳᠥᠢᠪᠠᠷ ᠬᠠᠮᠳᠤ ᠰᠤᠷᠤᠯᠴᠠᠭᠰᠠᠨ ᠡᠳᠦᠷ ᠬᠤᠨᠤᠭ ᠶᠠᠯᠢᠮ ᠦᠭᠡᠶ ᠣᠬᠤᠷᠬᠠᠨ ᠴᠤ ᠭᠡᠳᠦᠭᠦᠯᠡ ᠪᠠᠨ ᠭᠡᠨ ᠠᠯᠢᠨ ᠲᠡᠶ ᠪᠠᠨ ᠮᠦᠨ ᠰᠦᠷᠡᠭᠡᠢ ᠳᠠᠰᠤᠯᠴᠠᠵᠠᠢ᠃ ᠰᠤᠷᠭᠠᠭᠤᠯᠢ ᠶᠢᠨ ᠡᠮᠤᠨ᠎ᠡ ᠡᠭᠦᠳᠡᠨ ᠳᠡᠭᠡᠷ᠎ᠡ ᠢᠷᠡᠵᠡᠭᠡᠭᠡᠳ ᠳᠡᠷᠭᠡ ᠳᠤᠭᠳᠠᠭᠠᠯ᠎ᠠ᠂ ᠣᠳᠠᠭᠰᠠᠨ ᠳᠦᠳᠡᠭ᠍ᠰᠡᠨ ᠦᠭᠡᠶ ᠳᠡᠷᠭᠡ ᠴᠤ ᠢᠷᠡᠭᠡᠳ ᠵᠤᠭᠰᠤᠪᠠ᠃ ᠪᠦᠭᠦᠳᠡᠭᠡᠷ ᠳᠠᠮᠨᠠᠯᠴᠠᠨ ᠮᠢᠨᠤ ᠶᠠᠭᠤᠮ᠎ᠠ ᠭᠡᠦᠮ᠎ᠡ ᠶᠢ ᠳᠡᠷᠭᠡᠨ ᠳᠤ ᠭᠠᠷᠭᠠᠭᠰᠠᠨ ᠤ ᠳᠠᠷᠠᠭ᠎ᠠ ᠨᠠᠳᠠ ᠲᠡᠶ ᠨᠢᠭᠡ ᠨᠢᠭᠡ ᠪᠠᠷ ᠰᠠᠯᠬᠤ ᠶᠤᠰᠤ ᠭᠦᠢᠴᠡᠳᠭᠡᠯ᠎ᠡ᠃ ᠰᠠᠯᠬᠤ ᠦᠶᠡᠰ ᠤᠨ ᠣᠶᠠᠷᠠᠯ ᠳᠤᠭᠳᠤᠯᠤᠯ ᠶᠢᠡᠨ ᠴᠢᠷᠠᠢ ᠳᠡᠭᠡᠷ᠎ᠡ ᠪᠠᠨ ᠨᠢᠭᠤᠵᠤ ᠶᠠᠳᠠᠭᠰᠠᠨ ᠳᠠᠳᠠᠨ ᠮᠠᠨᠢ ᠭᠡᠯᠡᠭᠦ ᠭᠡᠰᠡᠨ ᠣᠯᠠᠨ ᠣᠯᠠᠨ ᠥᠭᠡ ᠪᠠᠨ ᠵᠥᠪᠭᠡᠨ ᠬᠠᠷᠠᠴᠠ ᠪᠠᠷ ᠶᠢᠡᠨ ᠳᠠᠮᠵᠢᠭᠤᠯᠵᠤ ᠪᠠᠢ᠌ᠬᠤ ᠶᠢ ᠪᠢ ᠳᠡᠷᠡᠭᠡᠨ ᠵᠠᠭᠤᠷ᠎ᠠ ᠵᠢᠷᠦᠭᠡ ᠪᠠᠷ ᠶᠢᠡᠨ ᠮᠡᠳᠡᠷᠡᠭᠡᠳ ᠠᠮᠵᠢᠵᠠᠢ᠃ ᠠᠭᠤᠯᠵᠠᠬᠤ ᠡᠳᠦᠷ ᠪᠠᠢ᠌ᠬᠤ ᠳᠤ ᠰᠠᠯᠬᠤ ᠡᠳᠦᠷ ᠴᠤ ᠪᠠᠢ᠌ᠨ᠎ᠠ ᠭᠡᠳᠡᠭ᠌ ᠢ ᠪᠢᠳᠠ ᠰᠤᠷᠤᠯᠴᠠᠯᠭ᠎ᠠ ᠡᠭᠢᠯᠡᠭ᠍ᠰᠡᠨ ᠳᠠᠷᠠ ᠴᠠᠭ ᠡᠴᠡ ᠨᠢᠭᠡᠨᠲᠡ ᠭᠦᠯᠢᠶᠡᠵᠤ ᠠᠪᠣᠭᠠᠤᠨ ᠪᠠᠢ᠌ᠭᠰᠠᠨ᠃ ᠭᠡᠳᠡᠯ᠎ᠡ ᠡᠢ᠌ᠮᠤ ᠳᠦᠷᠭᠡᠨ ᠨᠢᠳᠤ ᠢᠷᠮᠡᠭᠦ ᠶᠢᠨ ᠴᠢᠯᠦᠭᠡᠨ ᠳᠤ ᠭᠦᠷᠦᠭᠡᠳ ᠢᠷᠡᠭᠦ ᠶᠢ ᠭᠡᠨ ᠮᠠᠳᠠᠯ᠎ᠠ ᠡ᠃ ᠭᠠᠷ ᠭᠠᠷ ᠶᠢᠡᠨ ᠴᠢᠩᠭ᠎ᠠ ᠠᠳᠬᠤᠯᠴᠠᠨ ᠪᠠᠶ᠎ᠠ ᠪᠠᠶ᠎ᠠ ᠪᠠᠨ ᠳᠡᠪᠠᠷᠢᠭᠡᠳ ᠠᠪᠬᠤ ᠳᠤ ᠥᠨᠡᠭᠡᠷ ᠰᠡᠳᠭᠢᠯ ᠬᠠᠢ᠌ᠯᠵᠤ ᠨᠢᠯᠪᠣᠰᠤ ᠣᠨᠠᠮᠠᠷ᠃ ᠳᠡᠷᠭᠡᠨ ᠳᠤ ᠭᠠᠷᠴᠢᠬᠠᠭᠠᠤᠨ ᠪᠢ ᠰᠢᠭᠤᠳ ᠭᠠᠯᠳᠤ ᠶᠢᠨ ᠦᠷᠳᠡᠭᠡ ᠣᠷᠤᠭᠤ ᠳᠠᠪᠭᠢᠯ᠎ᠠ᠃ ᠪᠣᠮᠠᠨ ᠤ ᠭᠦᠯ ᠪᠤᠵᠢᠭᠢᠨᠠᠭᠰᠠᠨ ᠨᠠᠢ᠌ᠰᠯᠠᠯ ᠤᠨ ᠦᠷᠭᠡᠨ ᠵᠡᠭᠡᠯᠢ ᠪᠠᠷ ᠵᠤᠭᠰᠤᠬᠤ ᠭᠠᠵᠠᠷ ᠨᠢ ᠵᠤᠭᠰᠤᠵᠤ᠂ ᠭᠦᠯᠢᠶᠡᠭᠦ ᠭᠠᠵᠠᠷ ᠨᠢ ᠭᠦᠯᠢᠶᠡᠵᠤ ᠪᠠᠢ᠌ᠭᠠᠤᠨ ᠭᠠᠯᠳᠤ ᠶᠢᠨ ᠦᠷᠳᠡᠭᠡᠨ ᠳᠤ ᠭᠦᠷᠭᠦ ᠳᠤ ᠪᠠᠭᠡᠵᠢᠩ ᠊᠊᠊᠊᠊᠊᠊᠊᠊᠊᠊᠊᠊᠊᠊ ᠯᠠᠠᠵᠸᠤ ᠭᠦᠷᠳᠡᠭ᠌ Z55 ᠣᠠᠴᠠ ᠬᠤᠷᠳᠤᠨ ᠠᠶᠠᠠᠴᠢᠳ ᠤᠨ ᠭᠠᠯᠳᠤ ᠳᠡᠷᠭᠡ ᠭᠦᠳᠡᠯᠭᠦ ᠪᠣᠯᠤᠭᠠᠤᠨ ᠪᠠᠢ᠌ᠵᠠᠢ᠃ ᠶᠠᠭᠤᠮ᠎ᠠ ᠬᠤᠮ᠎ᠠ ᠪᠠᠨ ᠳᠢᠭᠯᠡᠨ ᠳᠠᠯᠪᠢᠭᠠᠤᠨ ᠣᠷᠤᠨ ᠳᠠᠭᠠᠨ ᠰᠠᠭᠤᠳᠠᠯ᠎ᠠ ᠳᠡᠷᠭᠡ ᠴᠤ ᠭᠦᠳᠡᠯᠦᠯ᠎ᠡ᠃ ᠵᠡᠭᠦᠳᠦᠯᠡᠭᠡᠳ ᠰᠡᠷᠡᠭ᠍ᠰᠡᠨ ᠶᠤᠮ ᠰᠢᠭ ᠳᠦᠷᠪᠠᠨ ᠰᠠᠷ᠎ᠠ ᠶᠢᠨ ᠰᠤᠷᠤᠯᠴᠠᠯᠭ᠎ᠠ ᠳᠠᠭᠤᠰᠴᠤ᠂ ᠣᠯᠤᠰ ᠤᠨ ᠨᠠᠢ᠌ᠰᠯᠠᠯ ᠪᠠᠭᠡᠵᠢᠩ ᠡᠴᠡ ᠢᠩᠭᠡᠭᠡᠳ ᠠᠶᠠᠷᠯᠠᠯ᠎ᠠ ᠭᠡᠵᠤ ᠪᠣᠳᠤᠬᠤ ᠳᠤ ᠦᠪᠡᠷ ᠶᠢᠡᠨ ᠴᠤ ᠣᠴᠢᠷ ᠢ ᠨᠢ ᠣᠯᠬᠤ ᠦᠭᠡᠶ ᠬᠦᠩᠭᠡᠨ ᠭᠤᠨᠢᠭ ᠰᠡᠳᠭᠢᠯ ᠤᠨ ᠶᠤᠩᠬᠤᠷ ᠡᠴᠡ ᠰᠠᠮ ᠣᠭᠵᠠᠷᠠᠭᠠᠤᠨ ᠠᠪᠴᠠᠢ᠁

2011 ᠣᠨ ᠤ ᠴᠠᠭᠠᠨ ᠰᠠᠷ᠎ᠠ ᠰᠠᠢ᠌ᠨ ᠪᠠᠷᠠᠭᠳᠠᠭ᠎ᠠ ᠦᠭᠡᠶ ᠪᠠᠷ ᠪᠢ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠡᠴᠡ ᠢᠷᠡᠭᠦᠯᠦᠭ᠍ᠰᠡᠨ 《ᠮᠡᠳᠡᠭ᠍ᠳᠡᠯ》 ᠊ᠢ ᠳᠤᠰᠤᠨ ᠠᠪᠣᠯ᠎ᠠ᠃ ᠬᠠᠭᠠᠰ ᠰᠠᠷ᠎ᠠ ᠶᠢᠨ ᠡᠮᠤᠨ᠎ᠡ ᠬᠠᠢ᠌ᠰᠢ ᠵᠧᠤ ᠶᠢᠨ ᠤᠳᠬ᠎ᠠ ᠣᠷᠠᠯᠢᠭ ᠤᠨ ᠬᠤᠯᠪᠣᠭᠠᠨ ᠤ ᠳᠡᠷᠢᠭᠦᠯᠡᠭ᠍ᠴᠢ᠂ ᠢᠷᠠᠭᠤ ᠨᠠᠢ᠌ᠷᠠᠭᠴᠢ ᠰᠡᠴᠠᠭᠤᠤ ᠠᠬ᠎ᠠ ᠨᠠᠳᠠ ᠣᠳᠠᠰᠤ ᠢᠷᠡᠭᠦᠯᠵᠤ᠂ ᠳᠤᠰ ᠰᠤᠷᠭᠠᠭᠤᠯᠢ ᠳᠤ ᠳᠤᠮᠢᠯᠠᠨ ᠰᠤᠷᠤᠯᠴᠠᠭᠤᠯᠬᠤ ᠳᠤᠬᠠᠢ ᠮᠢᠨᠤ ᠰᠠᠨᠠᠯ ᠢ ᠰᠤᠷᠠᠵᠤ ᠪᠠᠢ᠌ᠭᠰᠠᠨ᠃ ᠭᠦᠰᠡᠭᠡᠳ ᠣᠯᠳᠠᠬᠤ ᠦᠭᠡᠶ ᠠᠵᠠ ᠵᠠᠪᠰᠢᠶᠠᠨ ᠭᠦᠯᠢᠶᠡᠭᠡᠳ ᠪᠠᠢ᠌ᠬᠤ ᠳᠤ ᠪᠢ ᠳᠤᠤᠷ᠎ᠠ ᠨᠢ ᠵᠥᠪᠰᠢᠶᠡᠷᠡᠭᠡᠳ ᠬᠠᠮᠢᠶ᠎ᠠ ᠪᠦᠭᠦᠢ ᠭᠦᠰᠦᠨᠦᠭ᠌ ᠡᠨᠡ ᠳᠠᠷᠠ ᠶᠢ ᠨᠢ ᠳᠠᠭᠯᠠᠨ ᠡᠯᠸᠺᠲ᠋ᠷᠤᠨ ᠵᠠᠭᠢᠳᠠᠯ ᠤᠨ ᠬᠠᠢ᠌ᠷᠴᠠᠭ ᠶᠢᠡᠷ ᠪᠠᠭᠡᠵᠢᠩ ᠣᠷᠤᠭᠤ ᠨᠢᠰᠭᠡᠵᠤ ᠪᠢᠯᠠ᠃ ᠭᠡᠳᠡᠯ᠎ᠡ ᠬᠠᠷᠢᠭᠤ ᠨᠢ ᠡᠢ᠌ᠮᠤ ᠬᠤᠷᠳᠤᠨ ᠢᠷᠡᠴᠢᠭᠡᠭᠦ ᠶᠢ ᠪᠣᠳᠤᠭᠠᠤᠨ ᠴᠤ ᠣᠯᠤᠭᠰᠠᠨ ᠦᠭᠡᠶ᠃ ᠮᠠᠷᠭᠠᠰᠢ ᠨᠢ ᠪᠢ ᠶᠠᠭ ᠮᠤᠵᠢ ᠶᠢᠨ ᠲᠥᠪ ᠊᠊᠊᠊᠊᠊᠊᠊᠊᠊᠊᠊᠊᠊᠊ ᠰᠢᠨᠢᠩ ᠳᠤ ᠰᠠᠷ᠎ᠠ ᠶᠢᠨ ᠬᠤᠭᠤᠴᠠᠭ᠎ᠠ ᠲᠡᠶ ᠰᠤᠷᠤᠯᠴᠠᠬᠤ ᠪᠠᠷ ᠶᠠᠪᠣᠬᠤ ᠪᠣᠯᠤᠭᠠᠤᠨ ᠪᠠᠢ᠌ᠭᠰᠠᠨ ᠪᠣᠯᠬᠤᠷ ᠪᠠᠢ᠌ᠳᠠᠯ ᠶᠢᠡᠨ ᠰᠤᠷᠭᠠᠭᠤᠯᠢ ᠶᠢᠨ ᠵᠠᠭᠢᠷᠤᠯ ᠳᠤ ᠭᠡᠯᠡᠵᠤ ᠠᠮᠵᠢᠯ ᠦᠭᠡᠶ ᠮᠤᠷᠳᠠᠯ᠎ᠠ᠃ ᠵᠤᠯ ᠶᠢᠡᠷ ᠨᠠᠮ᠎ᠠ ᠶᠢ ᠮᠤᠵᠢ ᠶᠢᠨ ᠲᠥᠪ ᠳᠡᠭᠡᠷ᠎ᠡ ᠭᠦᠷᠭᠦ ᠳᠤ ᠮᠠᠨ ᠤ ᠵᠠᠭᠢᠷᠤᠯ ᠴᠤ ᠠᠵᠢᠯ ᠶᠢᠡᠷ ᠡ᠊ᠨᠳᠡ ᠢᠷᠡᠭᠡᠳ ᠪᠠᠢ᠌ᠬᠤ ᠳᠠᠭᠠᠷᠠᠵᠠᠢ᠃ ᠨᠢᠭᠡ ᠬᠤᠶᠠᠷ ᠭᠠᠷᠠᠭ ᠤᠨ ᠴᠢᠯᠦᠭᠡ ᠪᠣᠯ ᠴᠤ ᠶᠠᠭᠠᠭᠢᠬᠤ ᠪᠣᠢ᠂ ᠬᠠᠷᠢᠨ ᠪᠦᠳᠤᠨ ᠬᠤᠭᠤᠴᠠᠭ᠎ᠠ ᠪᠠᠷ ᠵᠢᠯᠢ᠌ᠭᠦ ᠶᠢ ᠮᠠᠳᠠᠪᠠᠯ ᠶᠠᠭᠤ ᠭᠡᠳᠡᠭ᠌ ᠪᠣᠯ ᠭᠡᠮᠡᠨ ᠠᠢ᠌ᠮᠤᠷᠠᠭᠰᠠᠨ (ᠳᠠᠳᠠᠭᠠᠯᠵᠢᠭᠰᠠᠨ) ᠴᠤ ᠰᠤᠷᠤᠯᠴᠠᠬᠤ ᠪᠠᠷ ᠶᠠᠪᠣᠬᠤ ᠰᠠᠨᠠᠭ᠎ᠠ ᠪᠠᠨ ᠴᠤᠬᠣᠢ᠌ᠯᠭᠠᠬᠤ ᠦᠭᠡᠶ ᠪᠠᠢ᠌ᠵᠤ ᠴᠢᠳᠠᠭᠰᠠᠨ ᠦᠭᠡᠶ᠃ ᠮᠢᠨᠤ ᠭᠡᠯᠡᠭᠦ ᠶᠢ ᠰᠤᠨᠤᠰᠤᠭᠠᠤᠨ ᠪᠠᠭ᠎ᠠ ᠪᠣᠳᠤᠯ ᠪᠣᠯᠤᠭᠰᠠᠨ ᠶᠢᠡᠨ ᠮᠠᠨ ᠤ ᠵᠠᠭᠢᠷᠤᠯ᠄ 《ᠳᠦᠷᠪᠠᠨ ᠰᠠᠷ᠎ᠠ ᠰᠤᠷᠤᠯᠴᠠᠬᠤ ᠪᠠᠷ ᠶᠠᠪᠣᠨ᠎ᠠ ᠭᠡᠳᠡᠭ᠌ ᠴᠢᠨᠢ ᠪᠦᠳᠤᠨ ᠨᠢᠭᠡ ᠬᠤᠭᠤᠴᠠᠭ᠎ᠠ ᠭᠡᠭᠡᠭ᠍ᠳᠡᠨ᠎ᠡ ᠭᠡᠰᠡᠨ ᠥᠭᠡ ᠪᠠ ︖》 ᠭᠡᠴᠢᠭᠡᠭᠡᠳ ᠨᠠᠮ᠎ᠠ ᠶᠢ ᠬᠠᠷᠠᠨ ᠢᠨᠢᠶᠡᠮᠰᠦᠭᠯᠡᠪᠡ᠃ ᠪᠢ ᠴᠤ ᠥᠭᠡᠳᠡ ᠡᠴᠡ ᠨᠢ ᠠᠯᠢ ᠪᠣᠯᠬᠤ ᠪᠠᠷ ᠭᠡᠰᠭᠦᠯᠡᠩ ᠴᠢᠷᠠᠢ᠌ᠯᠠᠬᠤ ᠶᠢ ᠭᠢᠴᠢᠶᠠᠨ ᠢᠨᠢᠶᠡᠮᠰᠦᠭᠯᠡᠵᠤ᠄ 《ᠳᠠᠢ᠌ᠮᠤ᠂ ᠭᠡᠷᠪᠡ ᠡᠨᠡ ᠵᠠᠪᠰᠢᠶᠠᠨ ᠢ ᠠᠯᠳᠠᠪᠠᠯ ᠳᠠᠭᠢᠵᠤ ᠨᠠᠳᠠ ᠡᠢ᠌ᠮᠤ ᠵᠠᠪᠰᠢᠶᠠᠨ ᠳᠠᠭᠠᠷᠠᠬᠤ ᠦᠭᠡᠶ ᠪᠠᠢ᠌ᠬ᠎ᠠ》 ᠭᠡᠮᠡᠨ ᠵᠠᠪᠠᠯ ᠶᠠᠪᠣᠭᠤᠯᠴᠢᠬᠠᠬᠤ ᠭᠡᠰᠡᠨ ᠰᠠᠨᠠᠭ᠎ᠠ ᠪᠠᠨ ᠡᠪᠳᠡᠢ᠌ᠭᠡᠨ ᠨᠢᠭᠤᠯ᠎ᠠ᠃ ᠵᠠᠭᠢᠷᠤᠯ ᠮᠠᠨᠢ ᠮᠢᠨᠤ ᠴᠠᠭᠠᠳᠤᠭᠢ ᠰᠠᠨᠠᠭ᠎ᠠ ᠶᠢ ᠨᠠᠪᠳᠠ ᠬᠠᠷᠠᠭ᠎ᠠ ᠪᠢᠵᠠ᠂ ᠪᠢᠳᠡᠭᠦᠤ ᠪᠠᠷ ᠭᠦᠳ ᠭᠦᠳ ᠢᠨᠢᠶᠡᠭ᠍ᠰᠡᠨ ᠶᠢᠡᠨ᠄ 《ᠪᠢ ᠮᠠᠳᠠᠨ᠎ᠡ᠂ ᠡᠢ᠌ᠮᠤ ᠠᠵᠠᠳᠠᠢ ᠣᠴᠢᠷ ᠭᠦᠮᠤᠨ ᠪᠣᠯᠭᠠᠨ ᠳᠤ ᠳᠠᠭᠠᠷᠠᠭᠠᠤᠨ ᠪᠠᠢ᠌ᠬᠤ ᠦᠭᠡᠶ᠃ ᠬᠤᠪᠣᠷᠬᠠᠨ ᠵᠠᠪᠰᠢᠶᠠᠨ ᠪᠠᠢ᠌ᠨ᠎ᠠ᠂ ᠴᠢ ᠰᠤᠷᠤᠯᠴᠠᠬᠤ ᠪᠠᠷ ᠶᠠᠪᠣ ᠪᠠ》 ᠭᠡᠳ ᠨᠠᠮ᠎ᠠ ᠶᠢ ᠬᠠᠭ᠎ᠠ ᠪᠠᠶᠠᠷᠯᠠᠭᠤᠯᠪᠠ᠃ ᠪᠣᠯᠳᠠᠭ ᠶᠤᠮ ᠪᠣᠯ ᠳᠠᠷᠠ ᠳᠤᠤᠷ᠎ᠠ ᠨᠢ ᠵᠠᠭᠢᠷᠤᠯ ᠶᠢᠡᠨ ᠳᠠᠪᠠᠷᠢᠵᠤ ᠠᠪᠣᠭᠠᠤᠨ ᠨᠢᠭᠡ ᠰᠠᠢ᠌ᠨ ᠦᠨᠦᠰᠤᠮᠠᠷ ᠡ᠃

《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠭᠢᠴᠢᠶᠠᠯ ᠡᠭᠢᠯᠡᠭᠦ ᠣᠤᠯ ᠤᠨ ᠲᠦᠯᠦᠪᠯᠡᠯᠭᠡ ᠪᠠᠨ ᠬᠤᠪᠢᠷᠠᠭᠠᠵᠤ᠂ ᠨᠢᠭᠡ ᠭᠠᠷᠠᠭ ᠣᠷᠢᠳᠴᠢᠯᠠᠭᠰᠠᠨ ᠳᠤᠯᠠ ᠪᠢ ᠴᠠᠭ ᠲᠠᠭᠠᠨ ᠣᠴᠢᠵᠤ ᠴᠢᠳᠠᠬᠤ ᠦᠭᠡᠶ ᠡᠴᠡ ᠠᠶᠤᠵᠤ ᠪᠠᠬᠠᠨ ᠰᠠᠠᠳᠤᠷᠤᠯ᠎ᠠ᠃ ᠣᠴᠢᠷ ᠨᠢ ᠮᠢᠨᠤ ᠪᠠᠭᠡᠵᠢᠩ ᠳᠤ ᠨᠠᠷ᠎ᠠ ᠮᠡᠳᠡᠭᠦᠯᠭᠦ ᠴᠠᠭ ᠪᠠ ᠮᠤᠵᠢ ᠶᠢᠨ ᠲᠥᠪ ᠳᠡᠭᠡᠷᠡᠭᠢ ᠰᠤᠷᠤᠯᠴᠠᠯᠭ᠎ᠠ ᠳᠡᠭᠦᠰᠭᠦ ᠴᠠᠭ ᠬᠤᠭᠤᠷᠤᠠᠳᠤ ᠪᠠᠨ ᠶᠠᠭ ᠰᠠᠢ᠌ᠬᠠᠨ ᠳᠠᠪᠬᠤᠴᠠᠵᠠᠢ᠃ ᠪᠢ ᠶᠡᠭᠡ ᠰᠠᠨᠠᠭ᠎ᠠ ᠡᠪᠦᠷᠯᠡᠨ ᠮᠤᠵᠢ ᠶᠢᠨ ᠲᠥᠪ ᠳᠡᠭᠡᠷᠡᠭᠢ ᠰᠤᠷᠤᠯᠴᠠᠯᠭ᠎ᠠ ᠶᠢ ᠬᠠᠮᠢᠶᠠᠷᠴᠤ ᠪᠠᠢ᠌ᠭ᠎ᠠ ᠪᠠᠭᠰᠢ ᠪᠠ ᠳᠡᠭᠡᠳᠤ ᠱᠠᠳᠤᠨ ᠳᠤ 《ᠮᠡᠳᠡᠭ᠍ᠳᠡᠯ》 ᠶ᠋ᠢᠡᠨ ᠠᠪᠠᠴᠢᠵᠤ ᠥᠵᠡᠭᠦᠯᠤᠨ ᠭᠡᠳᠤᠨ ᠬᠤᠨᠤᠭ ᠤᠨ ᠴᠢᠯᠦᠭᠡ ᠭᠡᠯᠡᠯ᠎ᠡ᠃ ᠪᠣᠯᠵᠤ ᠥᠭ᠍ᠳᠡᠭ᠌ ᠦᠭᠡᠶ᠂ ᠰᠢᠯᠳᠠᠭ ᠪᠢᠰᠢ ᠰᠢᠯᠳᠠᠭ ᠵᠤᠬᠢᠶᠠᠭᠠᠤᠨ ᠣᠷᠮ᠎ᠠ ᠬᠤᠭᠤᠯᠤᠨ ᠣᠴᠠᠭᠠᠷ ᠭᠦᠷᠭᠡᠵᠤ ᠪᠠᠢ᠌ᠨ᠎ᠠ᠃ ᠪᠦᠳᠦᠭᠡᠪᠠᠯ ᠪᠦᠳᠦᠭᠡᠴᠢᠭᠡᠭᠦ ᠣᠴᠢᠷ ᠢ ᠪᠦᠳᠦᠭᠡᠵᠤ ᠰᠢ᠌ᠤᠠᠪᠣᠷᠢᠯᠠᠵᠤ ᠦᠭ‍ᠭᠦ ᠦᠭᠡᠶ ᠭᠦᠮᠤᠨ ᠢ ᠵᠠᠪᠠᠯ ᠣᠳᠠᠰᠤᠨ ᠳᠡᠭᠡᠭᠦᠷ ᠭᠦᠶ‍ᠦᠯᠭᠡᠨ ᠣᠴᠠᠭᠠᠷ ᠭᠦᠷᠭᠡᠳᠡᠭ᠌ ᠨᠢ ᠡᠭ᠍ᠳᠡᠭᠦᠤ ᠲᠡᠶ᠃ ᠪᠢ ᠠᠷᠭ᠎ᠠ ᠪᠣᠰᠤ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠲᠡᠶ ᠬᠠᠷᠢᠴᠠᠵᠤ ᠪᠠᠢ᠌ᠳᠠᠯ ᠶᠢᠡᠨ ᠮᠡᠳᠡᠭ᠍ᠳᠡᠯ᠎ᠡ᠃ ᠶᠤᠰᠤ ᠣᠴᠢᠷ ᠮᠡᠳᠡᠳᠡᠭ᠌ ᠰᠤᠶᠤᠯ ᠤᠨ ᠭᠦᠮᠦᠰ ᠭᠡᠵᠤ ᠬᠠᠰᠢᠯᠠ ᠥᠮᠨᠦᠭᠡᠨ (ᠣᠠᠳᠤᠤ)᠂ ᠠᠪᠤᠨ ᠳᠤᠤᠷ᠎ᠠ ᠨᠢ ᠮᠢᠨᠤ ᠭᠦᠴᠢᠷᠳᠡᠯ ᠢ ᠰᠢ᠌ᠳᠪᠦᠷᠢᠯᠡᠴᠢᠭᠡᠪᠡ᠃ ᠪᠠᠶᠠᠷᠯᠠᠭᠰᠠᠨ ᠭᠡᠷᠢᠶ᠎ᠡ ᠪᠠᠷᠭᠢᠷᠠᠭ᠎ᠠ ᠭᠡᠭ᠍ᠴᠢ ᠪᠠᠷ ᠪᠢ ᠪᠠᠭᠡᠵᠢᠩ ᠳᠤ ᠮᠤᠷᠳᠠᠬᠤ ᠡᠳᠦᠷ ᠶᠢᠡᠨ ᠬᠤᠷᠤᠭᠤ ᠳᠠᠷᠤᠨ ᠳᠤᠭᠠᠯᠠᠵᠤ ᠪᠠᠢ᠌ᠭᠠᠤᠨ᠂ ᠰᠢᠩᠭᠡᠯᠢᠭ᠌ ᠡᠴᠡ ᠪᠠᠨ ᠠᠯᠳᠠᠭᠳᠠᠭᠰᠠᠨ ᠰᠢᠪᠠᠭᠤ ᠠᠳᠠᠯᠢ ᠳᠤᠷᠠᠳᠠᠢ ᠵᠥᠭ᠌ ᠶᠢᠡᠨ ᠨᠢᠰᠴᠤ ᠪᠢᠯᠠ᠃ ᠨᠢᠭᠡ ᠬᠠᠪᠣᠷ ᠴᠤ ᠪᠣᠯᠤᠭ᠂ ᠨᠠᠢ᠌ᠰᠯᠠᠯ ᠪᠠᠭᠡᠵᠢᠩ ᠤᠨ ᠠᠭᠠᠷ ᠰᠠᠯᠭᠢᠨ ᠳᠤ ᠳᠤᠷ᠎ᠠ ᠪᠠᠷ ᠶᠢᠡᠨ ᠵᠢᠷᠭᠠᠨ᠎ᠠ ᠭᠡᠵᠤ ᠪᠣᠳᠤᠬᠤ ᠡᠴᠡ ᠰᠡᠳᠭᠢᠯ ᠮᠢᠨᠢ ᠭᠦᠷᠤᠨ ᠭᠦᠷᠳᠡᠯ᠎ᠡ ᠪᠠᠨ ᠳᠠᠭᠤᠯᠠᠵᠤ ᠶᠠᠪᠣᠭᠰᠠᠨ ︕

ᠪᠠᠭᠡᠵᠢᠩ ᠳᠤ ᠭᠦᠷᠦᠯ᠎ᠡ᠂ ᠳᠤᠮᠤ ᠬᠤᠳᠠ ᠡ᠃ ᠨᠠᠩ ᠴᠤ ᠠᠩᠬ᠎ᠠ ᠭᠦᠷᠦᠭ᠍ᠰᠡᠨ ᠨᠠᠳᠠ ᠳᠠᠭᠠᠨ ᠪᠦᠷ ᠭᠡᠯᠡᠭᠦ ᠶᠢᠨ ᠭᠠᠵᠠᠷ ᠪᠠᠢ᠌ᠬᠤ ᠦᠭᠡᠶ᠃ ᠵᠥᠪᠭᠡᠨ ᠭᠠᠯᠳᠤ ᠳᠡᠷᠭᠡᠨ ᠤ ᠨᠢᠭᠡ ᠦᠷᠳᠡᠭᠡ ᠨᠢ ᠮᠢᠨᠤ ᠠᠮᠢᠳᠤᠷᠠᠳᠠᠭ ᠰᠢᠶᠠᠨ ᠤ ᠲᠥᠪ ᠡᠴᠡ ᠬᠠᠪᠢ ᠦᠭᠡᠶ ᠶᠡᠭᠡ᠃ ᠵᠠᠶᠠᠭ᠎ᠠ ᠪᠠᠷ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ ᠳᠤ ᠡᠷᠳᠡᠮ ᠰᠤᠶᠤᠯ ᠤᠨ ᠮᠦᠷ ᠭᠦᠭᠡᠭᠡᠵᠤ ᠶᠠᠪᠣᠭ᠎ᠠ ᠨᠤᠮ ᠤᠨ ᠳᠡᠭᠦᠤ ᠰᠢᠨᠠᠪᠣᠳᠤᠯ ᠲᠡᠶ ᠬᠠᠷᠢᠴᠠᠵᠤ ᠪᠠᠢ᠌ᠭᠠᠤᠨ ᠳᠡᠭᠦᠨ ᠤ ᠳᠠᠨᠢᠭᠰᠠᠨ ᠡᠭᠡᠴᠢ ᠭᠡᠭᠡᠡᠬᠠᠰ ᠶᠢᠡᠷ ᠳᠤᠰᠤᠭᠤᠯᠤᠭᠰᠠᠨ ᠳᠠᠭᠠᠨ ᠪᠣᠯᠵᠠᠢ᠃ ᠦᠭᠡᠶ ᠪᠣᠯ ᠰᠤᠷᠤᠯᠴᠠᠳᠠᠭ ᠰᠤᠷᠭᠠᠭᠤᠯᠢ ᠪᠠᠨ ᠣᠯᠬᠤ ᠭᠡᠵᠤ ᠨᠠᠢ᠌ᠰᠯᠠᠯ ᠪᠠᠭᠡᠵᠢᠩ ᠤᠨ ᠨᠠᠷᠭᠢᠶᠠᠨ ᠱᠤᠤᠭᠢᠶᠠᠨ ᠳᠤ ᠳᠤᠯᠤᠭᠠᠢ ᠡᠷᠭᠢᠨ ᠭᠡᠰᠡᠭ᠌ ᠪᠣᠳᠤᠯᠢᠵᠤ ᠭᠦᠭᠯᠡᠭ᠍ᠰᠡᠨ ᠪᠠᠢ᠌ᠬ᠎ᠠ ᠳ᠋ᠠ᠃ ᠨᠤᠳᠤᠭ ᠤᠨ ᠳᠡᠭᠦᠤ ᠭᠡᠭᠡᠡᠬᠠᠰ ᠶᠢᠡᠷ ᠵᠠᠮᠴᠢᠯᠠᠭᠤᠯᠤᠨ ᠣᠳᠠᠭᠰᠠᠨ ᠳᠦᠳᠡᠭ᠍ᠰᠡᠨ ᠦᠭᠡᠶ ᠭᠦᠷᠳᠡᠭ᠌ ᠭᠠᠵᠠᠷ ᠶᠢᠡᠨ ᠭᠦᠷᠴᠤ᠂ ᠨᠠᠷ᠎ᠠ ᠣᠰᠤ ᠪᠠᠨ ᠮᠡᠳᠡᠭᠦᠯᠤᠨ ᠰᠠᠨᠠᠭ᠎ᠠ ᠠᠮᠤᠷᠤᠯ᠎ᠠ᠃ ᠣᠳᠤᠷᠢᠳᠤᠯᠭ᠎ᠠ᠂ ᠪᠠᠭᠰᠢ ᠨᠡᠷ ᠨᠠᠮ᠎ᠠ ᠶᠢ ᠰᠡᠭᠦᠯᠳᠡᠭᠡᠳ ᠢᠷᠠᠯ᠎ᠠ ᠭᠡᠮᠡᠨ ᠣᠴᠢᠷᠳᠠᠭᠰᠠᠨ (ᠰᠢᠭᠦᠮᠵᠢᠯᠡᠭ᠍ᠰᠡᠨ) ᠦᠭᠡᠶ ᠮᠦᠷᠳᠡᠭᠡᠨ ᠬᠠᠷᠢᠨ ᠵᠠᠮ ᠵᠠᠭᠤᠷ᠎ᠠ ᠪᠠᠨ ᠶᠠᠳᠠᠷᠠᠪᠠ ᠦᠦ ︖ ᠶᠠᠭᠠᠭᠢᠪᠠ ︖ ᠭᠡᠳ ᠬᠠᠯᠠᠮᠵᠢᠯᠠᠨ ᠪᠣᠯᠭᠤᠭᠠᠬᠤ ᠨᠢ ᠭᠦᠮᠤᠨ ᠢ ᠣᠯᠠᠮ ᠡᠪ ᠥᠭᠡᠢ᠌ᠳᠡᠭᠦᠯᠤᠨ᠎ᠡ᠃ ᠪᠠᠢ᠌ᠷᠢ ᠶᠢᠨ ᠲᠦᠯᠭᠢᠭᠦᠷ ᠶᠢᠡᠨ ᠭᠠᠷᠳᠠᠴᠢᠬᠠᠭᠠᠤᠨ ᠵᠢᠭᠠᠭᠰᠠᠨ ᠶᠤᠰᠤᠭᠠᠷ ᠵᠢᠷᠭᠤᠳᠤᠭᠠᠷ ᠳᠠᠪᠬᠤᠷ ᠳᠡᠭᠡᠷ᠎ᠡ ᠭᠠᠷᠴᠤ ᠢᠷᠡᠭᠦ ᠳᠤ 602 ᠨᠤᠮᠸᠷ ᠲᠡᠶ ᠪᠠᠢ᠌ᠷᠢ ᠶᠢᠨ ᠡᠭᠦᠳᠡᠨ ᠳᠡᠭᠡᠷ᠎ᠡ ᠭᠢᠳᠠᠤᠨ ᠥᠰᠦᠭ᠌ ᠤᠨ ᠭᠢᠴᠢᠶᠡᠩᠭᠦᠢ ᠳᠢᠭ᠌ ᠶᠢᠡᠷ ᠪᠢᠴᠢᠭ᠍ᠰᠡᠨ ᠮᠢᠨᠤ ᠨᠠᠷ᠎ᠠ ᠥᠭᠡᠳᠡ ᠡᠴᠡ 《ᠶᠠᠭᠤᠨ ᠳᠤ ᠭᠦᠮᠤᠨ ᠡᠴᠡ ᠬᠤᠴᠤᠷᠤᠭᠠᠤᠨ ᠢᠷᠠᠪᠠ ︖》 ᠭᠡᠮᠡᠨ ᠭᠤᠮᠤᠳᠠᠯ ᠨᠡᠭᠡᠵᠤ ᠪᠠᠢ᠌ᠨ᠎ᠠ᠃ ᠳᠡᠭᠡᠳᠡᠯ᠎ᠡ ᠵᠡᠷᠭᠡᠯᠡᠳᠡᠭᠡ ᠪᠠᠢ᠌ᠷᠢ ᠶᠢᠨ ᠡᠭᠦᠳᠡᠨ ᠳᠡᠭᠡᠷ᠎ᠡ ᠪᠢᠴᠢᠭᠡᠰᠤ ᠲᠡᠶ ᠪᠠᠢ᠌ᠭ᠎ᠠ 《ᠡᠩᠭᠡᠬᠠᠳᠡ》 ᠭᠡᠰᠡᠨ ᠪᠦᠳᠦᠭᠦᠨ ᠥᠰᠦᠭ᠌ ᠮᠢᠨᠤ ᠨᠢᠳᠤᠨ ᠳᠤ ᠳᠤᠷᠤᠯ᠎ᠠ᠃ ᠶᠠᠭᠤ ᠴᠤ ᠭᠡᠰᠡᠨ ᠥᠭᠡ ᠰᠠᠨᠠᠭ᠎ᠠ ᠳᠠᠭᠠᠷᠠᠳᠠᠭ ᠮᠤᠩᠭ᠋ᠤᠯ ᠨᠠᠢ᠌ᠵᠠ ᠲᠡᠶ ᠪᠠᠨ ᠠᠢ᠌ᠯᠯᠠᠭᠠᠤᠨ ᠪᠠᠭᠤᠴᠢᠬᠠᠵᠤ ᠭᠡᠮᠡᠨ ᠪᠣᠳᠤᠭᠠᠤᠨ ᠠᠮᠵᠢᠵᠠᠢ᠃ ᠪᠠᠢ᠌ᠷᠢᠨ ᠳᠠᠭᠠᠨ ᠣᠷᠤᠪᠠᠯ ᠱᠠᠯᠠ ᠡᠴᠡ ᠪᠠᠨ ᠡᠭᠢᠯᠡᠨ ᠭᠡᠷᠡᠯ ᠣᠢ᠌ᠵᠤ᠂ ᠰᠢᠷᠡᠭᠡ ᠰᠠᠠᠳᠠᠯᠢ ᠪᠠᠨ ᠭᠢᠯᠠ ᠴᠢᠯᠠ ᠪᠠᠭᠤᠳᠠᠯ᠎ᠠ ᠠᠷᠴᠢᠭᠠᠤᠨ ᠣᠷᠤ ᠳᠡᠪᠢᠰᠭᠡᠷ ᠢ ᠨᠢ ᠳᠠᠷᠢ ᠳᠡᠭ᠍ᠰᠢᠭᠡᠨ ᠬᠤᠷᠢᠶᠠᠭᠰᠠᠨ ᠳᠡᠭᠡᠳᠤ ᠳᠠᠰ ᠤᠨ ᠵᠤᠴᠢᠳ ᠤᠨ ᠪᠠᠭᠤᠳᠠᠯ ᠭᠡᠮᠡᠷ ᠴᠡᠪᠠᠷᠭᠡᠨ ᠦᠷᠦᠭᠡ ᠪᠠᠢ᠌ᠨ᠎ᠠ᠃ ᠠᠩᠬ᠎ᠠ ᠣᠳᠠᠭ᠎ᠠ ᠡᠢ᠌ᠮᠦᠷᠭᠦ ᠳᠤᠭᠢᠯᠢᠭ ᠳᠠᠭᠠᠯᠠᠮᠵᠢᠳᠠᠢ ᠮᠦᠷᠳᠡᠭᠡᠨ ᠨᠠᠮ ᠰᠡᠯᠡᠭᠦᠨ ᠭᠠᠭᠴᠠ ᠭᠦᠮᠤᠨ ᠤ ᠦᠷᠦᠭᠡᠨ ᠳᠤ ᠰᠠᠭᠤᠵᠤ᠂ ᠳᠦᠷᠪᠠᠨ ᠰᠠᠷ᠎ᠠ ᠳᠤᠷᠠᠳᠠᠢ ᠵᠣᠢ᠌ᠯ ᠳᠡᠭᠡᠨ ᠳᠤᠯᠤᠭᠠᠢ ᠬᠠᠪᠳᠠᠢ᠌ᠯᠭᠠᠨ᠎ᠠ ᠭᠡᠭᠦ ᠡᠴᠡ ᠣᠮᠤᠷᠬᠠᠬᠤ᠂ ᠭᠦᠭ᠍ᠰᠡᠭᠦ᠂ ᠣᠯᠵᠠᠷᠬᠠᠬᠤ ᠶᠠᠩᠵᠤ ᠶᠢᠨ ᠰᠡᠳᠬᠢᠯᠭᠡ ᠪᠦᠭᠦᠢᠯᠡ ᠣᠶᠤᠨ ᠮᠠᠳᠠᠷᠠᠯ ᠢ ᠡᠵᠡᠯᠡᠨ ᠪᠠᠢ᠌ᠪᠠ᠃ ᠳᠡᠭᠡᠭᠡᠳ ᠪᠠᠷᠤᠭ ᠬᠠᠭᠠᠰ ᠰᠠᠷ᠎ᠠ ᠰᠢᠬᠠᠮ ᠰᠡᠭᠦᠯᠳᠡᠭᠡᠳ ᠢᠷᠡᠭ᠍ᠰᠡᠨ ᠨᠠᠮ᠎ᠠ ᠶᠢ ᠭᠡᠨ ᠨᠢ ᠪᠣᠯᠪᠠᠴᠤ ᠪᠦᠷ ᠳᠠᠨᠢᠴᠢᠬᠠᠵᠠᠢ᠃ ᠠᠰᠠᠷ ᠤᠨ ᠭᠤᠳᠤᠮ᠂ ᠴᠠᠭᠢᠯᠭᠠᠨ ᠱᠠᠳᠤ ᠶᠢᠨ ᠬᠠᠮᠢᠭ᠎ᠠ ᠨᠢ ᠪᠣᠯᠪᠠᠴᠤ ᠨᠠᠳᠠ ᠲᠡᠶ ᠳᠠᠭᠠᠷᠠᠯᠳᠠᠭᠰᠠᠨ ᠪᠦᠭᠦᠨ ᠮᠢᠨᠤ ᠨᠠᠷ᠎ᠠ ᠪᠠᠷ ᠰᠢᠭᠤᠳ ᠳᠠᠭᠤᠳᠠᠭᠠᠤᠨ ᠠᠪᠬᠤ ᠨᠢ ᠨᠢᠭᠤᠷ ᠲᠤ ᠭᠦᠷᠤᠨ ᠠᠷᠭ᠎ᠠ ᠪᠠᠷᠠᠭᠳᠠᠭᠤᠯᠤᠮᠠᠷ᠃

ᠰᠤᠷᠭᠠᠭᠤᠯᠢ ᠶᠢᠨ ᠭᠦᠷᠢᠶᠡᠨ ᠳ᠋ᠠᠭᠢ ᠡᠪᠠᠰᠤ ᠮᠤᠳᠤᠳ ᠨᠠᠭᠢᠶᠠᠯᠠᠬᠤ ᠵᠥᠭ᠌ ᠲᠡᠭᠡᠨ ᠬᠠᠠᠳᠤᠨ ᠡ᠊ᠨᠳᠡ ᠨᠢᠭᠡᠨᠲᠡ ᠬᠠᠪᠣᠷ ᠤᠨ ᠰᠢᠨᠵᠢ ᠣᠷᠤᠵᠠᠢ᠃ ᠠᠰᠠᠷ ᠤᠨ ᠡᠭᠦᠳᠡᠨ ᠡᠮᠤᠨ᠎ᠡ ᠪᠠᠢ᠌ᠷᠢᠯᠠᠭ᠎ᠠ ᠵᠢᠵᠢᠭ᠌ ᠴᠡᠴᠡᠷᠯᠢᠭ᠌ ᠤᠨ ᠳᠤᠳᠤᠭᠤᠷ ᠳᠠᠤᠯᠠᠢ ᠶᠢᠨ ᠵᠢᠮ ᠰᠢᠭ᠌ ᠨᠠᠷᠢᠬᠠᠨ ᠵᠠᠮ ᠨᠠᠰᠢ ᠴᠠᠰᠢ ᠰᠥᠯᠵᠢᠯᠳᠦᠭᠡᠳ ᠪᠠ ᠶᠢᠨ᠂ ᠮᠤᠤ ᠳ᠋ᠦᠨ᠂ ᠠᠢ ᠴᠢᠩ ᠡᠴᠡ ᠡᠭᠢᠯᠡᠭᠡᠳ ᠭᠢᠳᠠᠤᠨ ᠤᠨ ᠤᠢ᠌ᠷ᠎ᠡ ᠦᠶ᠎ᠡ ᠶᠢᠨ ᠣᠷᠠᠨ ᠵᠤᠬᠢᠶᠠᠯ ᠤᠨ ᠳᠡᠦᠭᠡᠨ ᠳᠡᠭᠡᠷᠡᠭᠢ ᠨᠠᠷ᠎ᠠ ᠳᠦᠷᠤ ᠲᠡᠶ ᠭᠦᠮᠦᠰ ᠤᠨ ᠱᠤᠭᠤᠮᠠᠯ ᠡᠨᠡ ᠭᠦᠷᠢᠶᠡᠯᠡᠩ ᠢ ᠬᠤᠪᠢ ᠶᠢᠨ ᠭᠠᠳᠠᠨ᠎ᠠ ᠡᠷᠭᠢᠮᠰᠦᠭ᠌ ᠭᠣᠢ᠌ᠳᠠ ᠪᠣᠯᠭᠠᠭᠰᠠᠨ ᠬᠠᠷᠠᠭᠳᠠᠨ᠎ᠠ᠃ ᠠᠰᠠᠷ ᠤᠨ ᠡᠭᠦᠳᠡ ᠪᠠᠷ ᠠᠯᠬᠤᠨ ᠣᠷᠤᠬᠤ ᠲᠡᠶ ᠵᠡᠷᠭᠡ ᠠᠭᠤᠵᠢᠮ ᠭᠡᠭᠡᠮᠰᠦᠭ᠌ ᠳᠢᠩᠭᠢᠮ ᠤᠨ ᠬᠠᠨ᠎ᠠ ᠶᠢ ᠳᠠᠭᠠᠭᠤᠯᠤᠨ ᠡᠷᠳᠡ ᠡᠳᠦᠭᠡ᠂ ᠭᠠᠳᠠᠭᠠᠳᠤ ᠳᠤᠳᠤᠭᠠᠳᠤ ᠶᠢᠨ ᠨᠠᠷᠠᠳᠤ ᠵᠤᠬᠢᠶᠠᠯᠴᠢᠳ ᠤᠨ ᠲᠦᠯᠤᠪ ᠳᠦᠷᠭᠦ ᠶᠢ ᠳᠠᠳᠠᠯᠠᠨ ᠵᠢᠷᠤᠵᠤ᠂ ᠳᠤᠪᠴᠢ ᠨᠠᠮᠳᠠᠷ ᠢ ᠡᠮᠭᠢ ᠴᠡᠭ᠍ᠴᠢ ᠲᠡᠶ ᠪᠠᠢ᠌ᠷᠢᠯᠠᠭᠤᠯᠤᠨ ᠥᠵᠡᠭᠦᠯᠦᠭᠡᠳ ᠡ᠊ᠨᠳᠡ ᠢᠷᠡᠭ᠍ᠰᠡᠳ ᠲᠤ ᠦᠪᠡᠷ ᠤᠨ ᠡᠷᠭᠡ ᠦᠭᠡᠶ ᠤᠳᠬ᠎ᠠ ᠣᠷᠠᠯᠢᠭ ᠤᠨ ᠷᠢᠳ᠋ ᠰᠢᠳᠢ ᠶᠢ ᠪᠢᠰᠢᠷᠡᠭᠦ᠂ ᠪᠠᠬᠠᠷᠬᠠᠬᠤ᠂ ᠭᠠᠢ᠌ᠬᠠᠬᠤ ᠳᠦᠷᠦᠭ᠍ᠳᠡᠯ ᠣᠯᠭᠤᠨ᠎ᠠ᠃

ᠨᠥᠭᠦᠭᠡᠳᠦᠷ ᠡᠴᠡ ᠨᠢ ᠡᠭᠢᠯᠡᠭᠡᠳ ᠪᠢ ᠵᠢᠩᠭᠢᠨᠢ ᠰᠤᠷᠤᠯᠴᠠᠯᠭ᠎ᠠ ᠳᠠᠭᠠᠨ ᠣᠷᠤᠯ᠎ᠠ᠃ ᠳᠤᠰ ᠰᠤᠷᠭᠠᠭᠤᠯᠢ ᠶᠢᠨ ᠰᠤᠷᠤᠯᠴᠠᠭᠤᠯᠬᠤ ᠠᠷᠭ᠎ᠠ ᠮᠠᠶ‍ᠢᠭ ᠦᠪᠡᠷ ᠤᠨ ᠭᠡᠰᠡᠨ ᠣᠠᠴᠠᠯᠢᠭ ᠲᠡᠶ ᠶᠤᠮ ᠪᠠᠢ᠌ᠨ᠎ᠠ᠃ ᠪᠦᠳᠤᠨ ᠭᠠᠷᠠᠭ ᠶᠢᠡᠷ ᠴᠢᠮ᠎ᠠ ᠶᠢ ᠰᠠᠠᠳᠠᠯᠢ ᠳᠡᠭᠡᠷ᠎ᠡ ᠬᠠᠳᠠᠴᠢᠬᠠᠭᠰᠠᠨ ᠶᠤᠮ ᠰᠢᠭ ᠰᠠᠭᠤᠯᠭᠠᠴᠢᠬᠠᠭᠠᠤᠨ ᠨᠤᠮ ᠳᠠᠯᠪᠢᠭᠠᠤᠨ ᠪᠠᠢ᠌ᠬᠤ ᠦᠭᠡᠶ᠃ ᠭᠠᠷᠠᠭ ᠲᠤ ᠪᠠᠨ ᠭᠤᠷᠪᠠᠨ ᠬᠠᠭᠠᠰ ᠡᠳᠦᠷ ᠳᠤᠰᠬᠠᠢ ᠣᠷᠢᠵᠤ ᠠᠪᠴᠢᠷᠠᠭᠰᠠᠨ ᠡᠷᠳᠡᠮᠳᠡᠳ ᠤᠨ ᠳᠠᠢ᠌ᠯᠤᠨ ᠢ ᠰᠤᠨᠤᠰᠪᠠᠯ ᠪᠣᠰᠤᠳ ᠴᠠᠭ ᠲᠤ ᠨᠢ ᠦᠪᠡᠷ ᠶᠢᠡᠨ ᠪᠠᠢ᠌ᠷᠢᠨ ᠳᠠᠭᠠᠨ ᠨᠤᠮ ᠦᠵᠡᠨ ᠵᠤᠬᠢᠶᠠᠯ ᠪᠢᠴᠢᠭᠦ ᠪᠣᠶᠤ ᠭᠠᠳᠠᠨ᠎ᠠ ᠳᠤᠳᠤᠨ᠎ᠠ ᠭᠠᠷᠤᠨ ᠰᠡᠯᠡᠭᠦᠴᠡᠵᠤ᠂ ᠨᠠᠭᠠᠳᠴᠤ ᠨᠠᠷᠭᠢᠵᠤ ᠪᠦᠷ ᠪᠣᠯᠤᠨ᠎ᠡ᠃ ᠶᠠᠭᠤ ᠪᠦᠭᠦᠨ ᠨᠢ ᠶᠡᠭᠡ ᠴᠢᠯᠦᠭᠡ ᠲᠡᠶ ᠮᠦᠷᠳᠡᠭᠡᠨ ᠶᠠᠮᠠᠷᠴᠤ ᠳᠠᠷᠤᠭᠠᠰᠤ ᠠᠯᠪᠠᠳᠠᠯᠭ᠎ᠠ ᠭᠡᠵᠤ ᠪᠠᠢ᠌ᠬᠤ ᠦᠭᠡᠶ᠃ ᠳᠤᠷᠠᠳᠠᠢ ᠵᠣᠢ᠌ᠯ ᠶᠢᠡᠨ ᠣᠷᠤᠯᠳᠤᠵᠤ᠂ ᠳᠤᠷ᠎ᠠ ᠦᠭᠡᠶ ᠵᠣᠢ᠌ᠯ ᠶᠢᠡᠨ ᠬᠠᠶᠠᠭᠠᠨ ᠳᠤ ᠨᠢ ᠬᠠᠶ‍ᠠᠴᠢᠬᠠᠯ᠎ᠠ ᠭᠡᠳ ᠪᠣᠷᠤᠭᠤᠳᠬᠠᠬᠤ ᠭᠦᠮᠤᠨ ᠪᠠᠢ᠌ᠬᠤ ᠦᠭᠡᠶ᠃ ᠣᠠᠳᠠᠪᠠᠯ ᠴᠤ ᠴᠢᠨᠤ ᠳᠤᠷ᠎ᠠ᠂ ᠠᠮᠠᠷᠠᠪᠠᠯ ᠴᠤ ᠴᠢᠨᠤ ᠳᠤᠷ᠎ᠠ᠂ ᠭᠡᠨ ᠴᠤ ᠴᠢᠮ᠎ᠠ ᠬᠠᠮᠢᠶᠠᠷᠬᠤ ᠦᠭᠡᠶ᠃

ᠰᠤᠷᠭᠠᠭᠤᠯᠢ ᠳᠤ ᠪᠠᠢ᠌ᠬᠤ ᠳᠠᠭᠠᠨ ᠨᠢᠭᠡ ᠠᠷᠪᠢᠨ ᠳᠦᠷᠢᠮ ᠳᠤᠭᠳᠠᠭᠠᠯ ᠢ ᠮᠦᠷᠳᠠᠨ ᠠᠵᠢᠯᠯᠠᠭᠠᠤᠨ ᠮᠠᠭᠤ ᠵᠠᠩᠰᠢᠴᠢᠭᠭᠰᠠᠨ ᠡᠩᠭᠡᠬᠠᠳᠡ ᠪᠢᠳᠠ ᠬᠤᠶᠠᠷ ᠴᠤ ᠡᠢ᠌ᠮᠦᠷᠭᠦ ᠪᠠᠢ᠌ᠳᠠᠯ ᠳᠤ ᠳᠤᠩ ᠠᠮᠠᠷᠬᠠᠨ ᠳᠠᠰᠴᠠᠢ᠃ ᠳᠡᠭᠡᠭᠡᠳ ᠪᠦᠭᠦ ᠠᠩᠭᠢ ᠳᠠᠭᠠᠨ ᠵᠥᠪᠭᠡᠨ ᠬᠤᠶᠠᠷᠬᠠᠨ ᠮᠤᠩᠭ᠋ᠤᠯ ᠪᠠᠢ᠌ᠭᠰᠠᠨ ᠪᠣᠯᠬᠤ ᠪᠠᠷ ᠪᠠᠶ᠎ᠠ ᠪᠠᠶ᠎ᠠ ᠪᠠᠨ ᠮᠠᠰᠢ ᠳᠦᠷᠭᠡᠨ ᠣᠢ᠌ᠯᠠᠭᠠᠯᠴᠠᠨ ᠠᠪᠣᠯ᠎ᠠ᠃ ᠡᠩᠭᠡᠬᠠᠳᠡ ᠪᠢᠳᠠ ᠬᠤᠶᠠᠷ ᠤᠨ ᠠᠵᠢᠯᠯᠠᠵᠤ ᠠᠮᠠᠷᠠᠳᠠᠭ ᠴᠠᠭ ᠵᠢᠭᠠᠬᠠᠨ ᠠᠳᠠᠯᠢ ᠦᠭᠡᠶ᠃ ᠪᠢ ᠠᠰᠬᠠᠨ ᠡᠷᠳᠡ ᠣᠠᠳᠠᠨ᠎ᠠ᠂ ᠡᠩᠭᠡᠬᠠᠳᠡ ᠮᠠᠨᠢ ᠣᠷᠤᠢ ᠣᠠᠳᠠᠨ᠎ᠠ᠃ ᠡᠳᠦᠷ ᠲᠤ ᠪᠠᠰᠠ ᠪᠢ ᠳᠡᠭᠦᠨ ᠡᠴᠡ ᠨᠢᠭᠡ ᠬᠤᠶᠠᠷ ᠴᠠᠭ ᠢᠯᠡᠭᠦᠤ ᠣᠠᠳᠠᠴᠢᠬᠠᠨ᠎ᠠ᠃ ᠡᠭᠦᠨ ᠡᠴᠡ ᠪᠣᠯᠤᠭᠠᠤᠨ ᠳᠠᠷᠠ ᠨᠠᠮ᠎ᠠ ᠪᠠᠨ ᠦᠷᠭᠦᠯᠵᠢ ᠣᠠᠳᠠᠩᠬᠠᠢ ᠭᠡᠳ ᠱᠤᠤᠯᠠᠨ ᠭᠤᠤᠴᠢᠯᠠᠨ᠎ᠠ᠃ ᠨᠠᠮ᠎ᠠ ᠶᠢ ᠪᠣᠳᠤᠪᠠᠯ ᠡᠩᠭᠡᠬᠠᠳᠡ ᠴᠠᠭ ᠢ ᠭᠠᠮᠨᠠᠨ ᠪᠠᠶ᠎ᠠ ᠪᠠᠨ ᠱᠠᠭᠠᠷᠳᠠᠬᠤ ᠨᠢ ᠴᠢᠩᠭ᠎ᠠ᠃ ᠬᠤᠶᠠᠭᠤᠯᠠ ᠬᠠᠮᠳᠤ ᠪᠠᠢ᠌ᠬᠤ ᠳᠤ ᠡᠩᠭᠡᠬᠠᠳᠡ 《ᠶᠠᠭᠤ ᠴᠤ ᠭᠢᠵᠤ ᠪᠦᠳᠦᠭᠡᠭ᠍ᠰᠡᠨ ᠦᠭᠡᠶ ᠪᠠᠷ ᠬᠠᠢ᠌ᠷᠠᠨ ᠴᠠᠭ ᠢ ᠠᠯᠳᠠᠭᠠᠤᠨ ᠶᠠᠪᠣᠭᠤᠯᠴᠢᠬᠠᠬᠤ ᠪᠠᠷ ᠪᠠᠢ᠌ᠨ᠎ᠠ》 ᠭᠡᠮᠡᠨ ᠭᠠᠰᠠᠯᠠᠨ᠎ᠠ᠃ ᠡᠨᠡ ᠦᠶᠡᠰ ᠮᠢᠨᠤ ᠰᠡᠳᠭᠢᠯ ᠤᠨ ᠳᠠᠷᠤᠭᠠᠰᠤ ᠦᠯᠦ ᠮᠡᠳᠡᠭ᠌ ᠭᠦᠡᠳᠦᠷᠡᠵᠤ ᠢᠷᠡᠳᠡᠭ᠌ ᠴᠤ ᠵᠢᠭᠠᠬᠠᠨ ᠴᠠᠭ ᠥᠩᠭᠡᠷᠡᠪᠠᠯ ᠳᠡᠭᠦᠨ ᠶᠢᠡᠨ ᠮᠠᠷᠳᠠᠴᠢᠬᠠᠳᠠᠭ᠃ ᠦᠷᠯᠦᠭᠡ ᠬᠤᠶᠠᠭᠤᠯᠠ ᠶᠡᠭᠡᠩᠭᠢ ᠳᠡᠭᠡᠨ ᠪᠠᠢ᠌ᠷᠢᠨ ᠳᠠᠭᠠᠨ ᠬᠠᠮᠳᠤ ᠬᠤᠭᠤᠯᠠᠯᠠᠨ᠎ᠠ᠃ ᠡᠩᠭᠡᠬᠠᠳᠡ ᠮᠠᠨᠢ ᠰᠠᠢ᠌ᠬᠠᠨ ᠰᠦ᠋ ᠲᠡᠶ ᠰᠢᠷᠭᠠᠯ ᠴᠠᠢ ᠴᠢᠨᠠᠴᠢᠬᠠᠭᠠᠤᠨ ᠨᠠᠮ᠎ᠠ ᠶᠢ ᠳᠠᠭᠤᠳᠠᠵᠤ᠂ ᠵᠢᠵᠢᠭ᠌ ᠬᠤᠭᠤᠯᠠᠨ ᠰᠢᠷᠡᠭᠡᠨ ᠳᠡᠭᠡᠷ᠎ᠡ ᠪᠠᠨ ᠮᠢᠬ᠎ᠠ ᠪᠣᠭᠤᠷᠰᠤᠭ᠂ ᠦᠷᠤᠮ᠎ᠠ ᠴᠠᠭᠠᠨ ᠢᠳᠡᠭᠡ᠂ ᠪᠣᠷᠴᠠ ᠪᠠᠨ ᠣᠪᠣᠭᠠᠯᠠᠭᠠᠤᠨ ᠴᠠᠢ᠌ᠯᠠᠵᠤ ᠭᠠᠷᠤᠨ᠎ᠡ᠃ ᠬᠠᠷᠢ ᠬᠤᠯᠠ ᠶᠢᠨ ᠪᠠᠭᠡᠵᠢᠩ ᠬᠤᠳᠠ ᠳᠤ ᠬᠤᠶᠠᠭᠤᠯᠠ ᠨᠤᠳᠤᠭ ᠤᠨ ᠢᠳᠡᠭᠡᠨ ᠡᠴᠡ ᠪᠠᠨ ᠭᠦᠷᠳᠡᠵᠤ ᠰᠠᠭᠤᠬᠤ ᠳᠤ ᠰᠡᠳᠭᠢᠯ ᠳᠤ ᠨᠢᠭᠡ ᠯᠠ ᠬᠠᠯᠠᠭᠤᠬᠠᠨ᠃ ᠡᠩᠭᠡᠬᠠᠳᠡ ᠦᠷᠭᠦᠯᠵᠢ ᠢᠨᠢᠶᠠᠳᠤᠮ ᠲᠡᠶ ᠶᠠᠭᠤᠮ᠎ᠠ ᠭᠡᠯᠡᠴᠢᠭᠡᠭᠡᠳ ᠨᠢᠳᠤ ᠪᠠᠨ ᠵᠢᠷᠤᠭᠠᠰᠤ ᠪᠣᠯᠳᠠᠯ᠎ᠠ ᠠᠨᠢᠨ ᠭᠦᠭ᠍ᠵᠢᠯᠳᠡᠢ ᠴᠡᠪᠠᠷᠭᠡᠨ ᠢᠨᠢᠶᠡᠭᠦ ᠳᠤ ᠪᠢ ᠴᠤ ᠳᠠᠭᠠᠭᠠᠤᠨ ᠢᠨᠢᠶᠠᠵᠤ ᠭᠦᠷ ᠨᠠᠮᠠᠨ᠂ ᠮᠠᠭᠤ ᠪᠠᠢ᠌ᠷᠢ ᠶᠢᠨ ᠭᠡᠷ ᠶᠢᠡᠨ ᠡᠷᠭᠦᠵᠤ ᠬᠠᠶᠠᠮᠠᠷ ᠪᠣᠯᠤᠨ᠎ᠡ᠃ ᠡ᠊ᠨᠳᠡ ᠶᠠᠮᠠᠷ ᠴᠤ ᠬᠤᠷᠢᠭ᠎ᠠ ᠴᠡᠭᠡᠷ᠂ ᠠᠳᠤᠭ᠎ᠠ ᠵᠢᠳᠦᠭᠡ᠂ ᠤᠢ᠌ᠳᠬᠠᠷ ᠪᠣᠭᠢᠨᠢᠳᠤᠯ ᠭᠡᠵᠤ ᠪᠠᠢ᠌ᠬᠤ ᠦᠭᠡᠶ ᠪᠦᠭᠡᠳ ᠠᠭᠠᠷ ᠠᠮᠢᠰᠬᠤᠯ᠂ ᠣᠷᠴᠢᠨ ᠳᠤᠭᠤᠷᠢᠨ ᠨᠢ ᠳᠤᠩᠭ᠋ᠠᠯᠠᠭ ᠴᠠᠪᠠᠷ᠂ ᠡᠳᠦᠷ ᠪᠣᠯᠭᠠᠨ ᠰᠠᠯᠭᠢ ᠰᠢᠭᠤᠷᠭ᠎ᠠ᠂ ᠰᠢᠷᠤᠢ ᠳᠤᠭᠤᠰᠤ ᠪᠣᠰᠤᠭᠠᠤᠨ ᠪᠠᠢ᠌ᠬᠤ ᠦᠭᠡᠶ ᠰᠠᠨᠠᠭ᠎ᠠ ᠠᠮᠠᠷ᠃ ᠴᠤᠬᠤᠮ ᠴᠤ ᠵᠢᠷᠭᠠᠵᠤ ᠪᠠᠢ᠌ᠭᠠᠤᠨ ᠶᠠᠭᠤᠮ᠎ᠠ ᠪᠦᠳᠦᠭᠡᠳᠡᠭ᠌ ᠭᠦᠰᠡᠯᠡᠩ ᠤᠨ ᠭᠠᠵᠠᠷ ᠭᠡᠵᠤ ᠡᠩᠭᠡᠬᠠᠳᠡ ᠪᠢᠳᠠ ᠬᠤᠶᠠᠷ ᠪᠠᠶ᠎ᠠ ᠪᠠᠶ᠎ᠠ ᠪᠠᠨ ᠣᠷᠮᠠᠰᠢᠭᠤᠯᠳᠠᠭ ᠪᠠᠢ᠌ᠯ᠎ᠠ᠃

ᠮᠠᠨ ᠤ ᠠᠩᠭᠢ ᠶᠢᠨ ᠭᠢᠨ ᠭᠢᠴᠢᠶᠠᠯ ᠰᠤᠨᠤᠰᠤᠭᠰᠠᠨ ᠦᠭᠡᠶ ᠡᠳᠦᠷ ᠶᠢᠡᠨ ᠰᠤᠷᠭᠠᠭᠤᠯᠢ ᠶᠢᠨ ᠳᠤᠭᠤᠭᠠᠨ ᠳᠤ ᠬᠤᠭᠤᠯᠠᠯᠠᠳᠠᠭ ᠨᠢ ᠬᠤᠪᠣᠷ᠃ ᠶᠡᠭᠡᠩᠭᠢ ᠳᠡᠭᠡᠨ ᠶ‍ᠢᠰᠤ ᠠᠷᠪᠠᠭᠤᠯᠠ ᠪᠠᠷ ᠬᠠᠮᠳᠤᠷᠠᠨ ᠭᠠᠳᠠᠨ᠎ᠠ ᠭᠠᠷᠴᠤ ᠪᠣᠳᠠᠭᠠᠯᠠᠨ᠎ᠠ᠃ ᠡᠭᠦᠨ ᠳᠤ ᠰᠤᠷᠭᠠᠭᠤᠯᠢ ᠡᠴᠡ ᠳᠤᠰᠬᠠᠢ ᠰᠠᠨᠠᠯ ᠭᠠᠷᠭᠠᠭᠠᠰᠠᠨ ᠣᠳᠠᠭ᠎ᠠ ᠴᠤ ᠪᠣᠢ᠂ ᠭᠡᠪᠠᠴᠤ ᠮᠠᠨᠠᠢ᠌ᠭᠢᠨ ᠳᠤ ᠮᠦᠨ ᠳᠤᠰᠠ ᠦᠭᠡᠶ ᠭᠠᠳᠠᠨ᠎ᠠ ᠢᠳᠡᠭᠦ ᠪᠠᠷ ᠶᠢᠡᠨ ᠢᠳᠠᠨ᠎ᠡ᠃ ᠭᠠᠳᠠᠨ᠎ᠠ ᠢᠳᠠᠵᠤ ᠪᠠᠢ᠌ᠬᠤ ᠨᠢ ᠰᠤᠷᠭᠠᠭᠤᠯᠢ ᠶᠢᠨ ᠬᠤᠭᠤᠯᠠ ᠶᠢ ᠭᠤᠯᠤᠬᠤ ᠳᠠᠭᠠᠨ ᠪᠢᠰᠢ᠂ ᠬᠠᠷᠢᠨ ᠨᠠᠭᠠᠳᠴᠤ ᠨᠠᠷᠭᠢᠬᠤ ᠶᠢᠨ ᠬᠠᠵᠠᠭᠤ ᠪᠠᠷ ᠬᠠᠷᠢᠯᠴᠠᠨ ᠣᠢ᠌ᠯᠠᠭᠠᠯᠴᠠᠬᠤ ᠭᠡᠰᠡᠨ ᠰᠠᠨᠠᠭ᠎ᠠ ᠭᠡᠵᠤ ᠪᠢ ᠪᠣᠳᠤᠳᠠᠭ᠃ ᠳᠡᠭᠡᠭᠡᠳ ᠪᠠᠭᠡᠵᠢᠩ ᠤᠨ ᠬᠤᠭᠤᠯᠠ ᠨᠠᠯᠢᠶᠠᠤᠨ ᠦᠨ᠎ᠡ ᠲᠡᠶ ᠴᠤ ᠬᠣᠢ᠌ᠰᠢ ᠰᠠᠭᠤᠬᠤ ᠭᠦᠮᠤᠨ ᠪᠠᠢ᠌ᠳᠠᠭ ᠦᠭᠡᠶ᠃ ᠪᠦᠷ ᠬᠤᠭᠤᠷᠤᠠᠳᠤ ᠪᠠᠨ ᠪᠣᠯᠢᠶᠠᠯᠳᠤᠨ ᠪᠠᠢ᠌ᠵᠤ᠂ ᠰᠡᠳᠭᠢᠯ ᠳᠠᠭᠠᠷᠠᠭᠰᠠᠨ ᠨᠥᠭᠦᠤᠨ ᠶᠢᠡᠨ ᠨᠠᠢ᠌ᠷ ᠤᠨ ᠰᠢᠷᠡᠭᠡᠨ ᠳᠤ ᠵᠠᠯᠠᠨ᠎ᠠ᠃ ᠠᠯᠢ ᠴᠤ ᠨᠠᠢ᠌ᠷ ᠤᠨ ᠰᠢᠷᠡᠭᠡᠨ ᠳᠡᠭᠡᠷ᠎ᠡ ᠡᠩᠭᠡᠬᠠᠳᠡ ᠪᠢᠳᠠ ᠬᠤᠶᠠᠷ ᠪᠠᠷᠤᠭ ᠳᠤᠳᠠᠳᠠᠭ ᠦᠭᠡᠶ᠃ ᠬᠠᠮᠳᠤ ᠰᠤᠷᠤᠯᠭᠠᠳᠠᠨ ᠨᠡᠷ ᠴᠤ ᠪᠢᠳᠠ ᠬᠤᠶᠠᠷ ᠢ ᠪᠦᠷ ᠥᠭᠡᠷ᠎ᠡ ᠨᠢᠳᠤ ᠪᠠᠷ ᠬᠠᠷᠠᠵᠤ᠂ ᠪᠦᠭᠦᠳᠡᠭᠡᠷ ᠨᠠᠢ᠌ᠷ ᠤᠨ ᠰᠢᠷᠡᠭᠡᠨ ᠳᠡᠭᠡᠷ᠎ᠡ ᠪᠠᠨ ᠳᠠᠭᠤᠯᠠᠭᠤᠯᠬᠤ ᠳᠤᠷᠠᠳᠠᠢ᠃ ᠪᠢᠳᠠ ᠬᠤᠶᠠᠷ ᠴᠤ ᠡᠷᠡᠭᠡᠯᠡᠵᠤ ᠠᠴᠢᠷᠬᠠᠯ ᠦᠭᠡᠶ ᠪᠠᠷ ᠪᠠᠭᠡᠵᠢᠩ ᠤᠨ ᠦᠳᠡᠰᠢ ᠶᠢ ᠣᠶᠠᠷᠠᠳᠠᠯ᠎ᠠ ᠳᠠᠳᠠᠨ ᠳᠤ ᠮᠤᠩᠭ᠋ᠤᠯ ᠳᠠᠭᠤᠤ ᠪᠠᠷᠢᠨ᠎ᠠ᠃ ᠭᠡᠨ ᠨᠢᠭᠡ ᠨᠢ ᠳᠠᠭᠤᠯᠠᠵᠤ ᠪᠠᠢ᠌ᠬᠤ ᠳᠤ ᠬᠤᠭᠤᠷᠤᠠᠳᠤ ᠪᠠᠨ ᠰᠢᠪᠠᠨᠡᠯᠳᠦᠭᠦ ᠪᠣᠶᠤ ᠪᠣᠰᠤᠭᠠᠤᠨ ᠶᠠᠪᠣᠬᠤ ᠣᠴᠢᠷ ᠭᠠᠷᠳᠠᠭ ᠦᠭᠡᠶ᠃ ᠠᠷᠢᠭᠢ ᠣᠤᠭᠤᠵᠤ ᠴᠢᠳᠠᠬᠤ ᠦᠭᠡᠶ ᠴᠤ ᠳᠠᠭᠤᠯᠠᠭᠠᠤᠨ ᠪᠠᠷᠠᠬᠤ ᠲᠡᠶ ᠵᠡᠷᠭᠡ ᠴᠠᠢ ᠶᠢᠨ ᠴᠤᠮᠤ ᠪᠠᠨ ᠡᠷᠭᠦᠭᠡᠳ ᠪᠣᠰᠴᠤ ᠴᠢᠮ᠎ᠠ ᠳᠤ ᠪᠠᠶᠠᠷ ᠳᠠᠯᠠᠷᠬᠠᠯ ᠶᠢᠡᠨ ᠳᠡᠪᠰᠢᠭᠦᠯᠤᠨ᠎ᠡ᠃ ᠨᠠᠢ᠌ᠷ ᠤᠨ ᠰᠢᠷᠡᠭᠡᠨ ᠳᠡᠭᠡᠷ᠎ᠡ ᠨᠢᠭᠡ ᠪᠠᠨ ᠠᠷᠢᠭᠢ ᠪᠠᠷ ᠰᠢᠬᠠᠭᠬᠤ ᠣᠴᠢᠷ ᠶᠡᠷᠦᠳᠡᠭᠡᠨ ᠪᠠᠢ᠌ᠬᠤ ᠦᠭᠡᠶ᠃ ᠣᠤᠭᠤᠬᠤ᠂ ᠣᠤᠭᠤᠬᠤ ᠦᠭᠡᠶ ᠨᠢ ᠪᠦᠷ ᠦᠪᠡᠷ ᠤᠨ ᠰᠠᠢ᠌ᠨ ᠳᠤᠷ᠎ᠠ᠃ ᠨᠠᠩ ᠴᠤ ᠭᠡᠮᠵᠢᠶ᠎ᠡ ᠭᠢᠵᠠᠭᠠᠷ ᠡᠴᠡ ᠳᠠᠪᠠᠳᠠᠯ᠎ᠠ ᠣᠤᠭᠤᠵᠤ ᠠᠭᠰᠤᠮᠨᠠᠬᠤ ᠶᠢ ᠴᠡᠭᠡᠷᠯᠡᠨ᠎ᠡ᠃ ᠮᠤᠩᠭ᠋ᠤᠯᠴᠤᠳ ᠪᠢᠳᠠ ᠭᠢᠳᠠᠤᠨ ᠤᠨ ᠠᠷᠢᠭᠢᠨ ᠰᠤᠶᠤᠯ ᠤᠨ ᠡᠢ᠌ᠮᠦᠷᠭᠦ ᠰᠠᠢ᠌ᠨᠳᠠᠢ ᠰᠢᠯᠢᠳᠡᠭ᠌ ᠳᠠᠯ᠎ᠠ ᠡᠴᠡ ᠠᠪᠤᠨ ᠰᠤᠷᠤᠯᠴᠠᠵᠤ ᠪᠣᠯᠬᠤ ᠶᠤᠮ᠃

ᠨᠠᠮ᠎ᠠ ᠶᠢ ᠱᠠᠪᠢ ᠪᠠᠨ ᠪᠣᠯᠭᠠᠨ ᠤᠳᠬ᠎ᠠ ᠵᠤᠬᠢᠶᠠᠯ ᠤᠨ ᠳᠠᠯ᠎ᠠ ᠪᠠᠷ ᠳᠤᠰᠬᠠᠢ ᠵᠢᠭᠠᠨ ᠵᠢᠯᠤᠭᠤᠳᠤᠭᠰᠠᠨ ᠪᠠᠭᠰᠢ ᠪᠣᠯ 《ᠦᠨᠳᠦᠰᠦᠳᠠᠨ ᠤ ᠤᠳᠬ᠎ᠠ ᠵᠤᠬᠢᠶᠠᠯ》 ᠰᠡᠳᠭᠦᠯ ᠤᠨ ᠶᠡᠷᠦᠩᠭᠡᠢ ᠨᠠᠢ᠌ᠷᠠᠭᠤᠯᠤᠭᠴᠢ ᠶ‍ᠧ ᠮᠸᠢ ᠪᠠᠭᠰᠢ ᠪᠣᠯᠤᠨ᠎ᠡ᠃ ᠶ‍ᠧ ᠮᠸᠢ ᠪᠠᠭᠰᠢ ᠶᠢ ᠭᠠᠳᠠᠨ᠎ᠠ ᠡᠴᠡ ᠨᠢ ᠬᠠᠷᠠᠬᠤ ᠳᠤ ᠶᠡᠭᠡᠮᠰᠦᠭ᠌ ᠳᠦᠪᠯᠡᠭᠦᠨ ᠬᠠᠷᠠᠭᠳᠠᠬᠤ ᠪᠣᠯᠪᠠᠴᠤ ᠨᠢᠭᠡ ᠤᠢ᠌ᠷᠠᠳᠤᠭᠠᠤᠨ ᠳᠠᠨᠢᠴᠢᠬᠠᠪᠠᠯ ᠲᠤᠢ᠌ᠯ ᠤᠨ ᠡᠭᠡᠯ ᠪᠣᠷᠤᠭᠵᠢᠭᠤᠨ᠂ ᠳᠠᠷᠤᠤ ᠬᠠᠯᠠᠭᠤᠮᠰᠤᠭ ᠪᠦᠰᠡᠭᠦᠢ ᠭᠡᠳᠡᠭ᠌ ᠢ ᠠᠮᠠᠷᠬᠠᠨ ᠮᠡᠳᠡᠴᠢᠭᠡᠨ᠎ᠡ᠃ ᠳᠠᠳ᠋ ᠳᠠᠩᠭᠢᠮ ᠤᠨ ᠳᠠᠰ ᠤᠨ ᠳᠠᠷᠤᠭ᠎ᠠ ᠪᠠᠢ᠌ᠳᠠᠯ᠎ᠠ ᠪᠠᠨ ᠦᠴᠦᠭᠡᠨ ᠴᠤ ᠱᠤᠮ ᠯᠠᠷᠵᠢᠶ᠎ᠠ ᠭᠡᠵᠤ ᠦᠭᠡᠶ ᠨᠢ ᠦᠨᠡᠨ ᠭᠠᠢ᠌ᠬᠠᠮᠠᠷ᠃ ᠨᠠᠭᠠᠳᠤᠮ ᠨᠠᠢ᠌ᠷ ᠤᠨ ᠰᠢᠷᠡᠭᠡᠨ ᠳᠡᠭᠡᠷ᠎ᠡ ᠮᠦᠨ ᠴᠢᠮ᠎ᠠ ᠲᠡᠶ ᠠᠳᠠᠯᠢ ᠡᠷᠡᠭᠡ ᠵᠢᠷᠤᠭ᠎ᠠ ᠦᠭᠡᠶ ᠨᠠᠭᠠᠳᠤᠨ ᠨᠠᠷᠭᠢᠵᠤ᠂ ᠱᠤᠭ ᠢᠨᠢᠶᠠᠳᠤᠮ ᠭᠠᠷᠭᠠᠨ ᠵᠦᠷᠢᠴᠠᠯᠠᠨ ᠭᠤᠤᠴᠢᠯᠠᠨ᠎ᠠ᠃ ᠶ‍ᠧ ᠮᠸᠢ ᠪᠠᠭᠰᠢ ᠲᠡᠶ ᠬᠠᠷᠢᠴᠠᠭᠤᠯᠪᠠᠯ ᠳᠤᠪᠴᠢ ᠶᠢᠨ ᠴᠢᠨᠡᠭᠡᠨ ᠳᠠᠷᠤᠭ᠎ᠠ ᠪᠠᠢ᠌ᠳᠠᠭ ᠶᠢᠡᠨ ᠮᠡᠳᠡᠭᠦ ᠦᠭᠡᠶ ᠬᠤᠭᠤᠰᠤᠨ ᠶᠠᠩᠪᠠᠷᠬᠠᠨ ᠶᠡᠭᠡᠷᠭᠡᠵᠤ᠂ ᠵᠥᠩᠳᠡᠭᠡᠨ ᠨᠢᠭᠤᠷ ᠶᠢᠡᠨ ᠪᠠᠷᠠᠳᠠᠭ ᠭᠦᠮᠤᠨ ᠣᠯᠠᠨ ᠪᠣᠢ᠃ ᠡᠢ᠌ᠮᠤ ᠭᠦᠮᠦᠰ ᠶ‍ᠧ ᠮᠸᠢ ᠪᠠᠭᠰᠢ ᠪᠠᠷ ᠳᠤᠯᠢ ᠪᠣᠯᠭᠠᠵᠤ᠂ ᠪᠠᠶ᠎ᠠ ᠪᠠᠨ ᠨᠢᠭᠡ ᠰᠢᠡᠵᠢᠭᠦ ᠭᠡᠷᠡᠭ᠍ᠳᠡᠢ ᠪᠠᠢ᠌ᠨ᠎ᠠ ︕ ᠬᠠᠩᠰᠢ ᠶᠢᠨ ᠪᠠᠶᠠᠷ ᠳᠠᠭᠠᠷᠠᠭᠤᠯᠤᠨ ᠶ‍ᠧ ᠮᠸᠢ ᠪᠠᠭᠰᠢ ᠳᠠᠭᠠᠭᠠᠵᠤ ᠠᠪᠣᠭᠰᠠᠨ ᠭᠡᠳᠤᠨ ᠰᠤᠷᠤᠭᠴᠢ ᠪᠠᠨ ᠳᠠᠭᠠᠭᠤᠯᠤᠨ ᠳᠤᠰᠬᠠᠢ ᠳᠡᠷᠭᠡ ᠪᠠᠷ ᠪᠠᠭᠡᠵᠢᠩ ᠡᠴᠡ ᠭᠠᠷᠴᠤ ᠰᠡᠯᠡᠭᠦᠴᠡᠨ ᠳᠤᠭᠯᠠᠯ᠎ᠠ᠃ ᠬᠠᠮᠢᠭ᠎ᠠ ᠨᠢ ᠭᠦᠷᠦᠭ᠍ᠰᠡᠨ ᠴᠤ ᠶ‍ᠸᠢ ᠮᠸᠢ ᠪᠠᠭᠰᠢ ᠶᠢᠨ ᠳᠠᠨᠢᠯ ᠳᠠᠯ᠎ᠠ ᠣᠯᠠᠨ᠂ ᠪᠦᠭᠦᠳᠡ ᠭᠦᠡᠳᠦᠳᠭᠡᠨ ᠭᠦᠯᠢᠶᠡᠵᠤ ᠭᠦᠡᠳᠤ ᠪᠠᠷ ᠵᠤᠴᠢᠯᠠᠨ ᠳᠠᠢ᠌ᠯᠠᠨ᠎ᠠ᠃ ᠪᠢᠳᠠ ᠭᠡᠳᠦᠭᠦᠯᠡ ᠴᠤ ᠰᠠᠢ᠌ᠨ ᠪᠠᠭᠰᠢ ᠶᠢᠨ ᠶᠢᠡᠨ ᠪᠣᠶᠠᠨ ᠳᠤ ᠪᠠᠭᠳᠠᠵᠤ᠂ ᠭᠠᠵᠠᠷ ᠣᠰᠤ ᠦᠵᠡᠨ ᠨᠢᠳᠤ ᠨᠡᠭᠡᠭᠡᠭᠡᠳ ᠪᠦᠳᠤᠨ ᠡᠳᠦᠷ ᠬᠠᠨᠤᠳᠠᠯ᠎ᠠ ᠪᠠᠨ ᠨᠠᠭᠠᠳᠤᠪᠠ᠃ ᠤᠳᠬ᠎ᠠ ᠵᠤᠬᠢᠶᠠᠯ ᠤᠨ ᠳᠠᠯ᠎ᠠ ᠪᠠᠷ ᠴᠤ ᠶ‍ᠧ ᠮᠸᠢ ᠪᠠᠭᠰᠢ ᠮᠠᠨᠤᠰ ᠲᠤ ᠪᠠᠭ᠎ᠠ ᠦᠭᠡᠶ ᠰᠤᠷᠭᠠᠯ ᠬᠠᠢ᠌ᠷᠠᠯᠠᠵᠤ᠂ ᠪᠢᠳᠠᠨ ᠤ ᠪᠢᠴᠢᠭ᠍ᠰᠡᠨ ᠵᠤᠬᠢᠶᠠᠯ ᠤᠨ ᠠᠯᠳᠠᠰᠢ ᠣᠯᠤᠯᠳᠠ ᠶᠢ ᠨᠠᠷᠢᠨ ᠳ᠋ᠦ᠋ᠩᠨᠠᠯ᠎ᠠ᠃ ᠶ‍ᠧ ᠮᠸᠢ ᠪᠠᠭᠰᠢ ᠰᠢᠭ ᠰᠠᠢ᠌ᠨ ᠪᠠᠭᠰᠢ ᠳᠤ ᠳᠠᠭᠠᠷᠠᠭᠰᠠᠨ ᠮᠠᠨ ᠤ ᠭᠡᠳᠦᠭᠦᠯᠡ ᠶᠢ ᠮᠠᠨ ᠤ ᠠᠩᠭᠢ ᠶᠢᠨ ᠭᠢᠨ ᠪᠠᠬᠠᠷᠬᠠᠨ ᠱᠠᠭᠰᠢᠬᠤ ᠳᠤ ᠪᠢᠳᠠ ᠭᠡᠳᠦᠭᠦᠯᠡ ᠴᠤ ᠦᠪᠡᠷ ᠤᠨ ᠡᠷᠭᠡ ᠦᠭᠡᠶ ᠣᠮᠤᠷᠬᠠᠨ ᠣᠯᠵᠠᠭᠤᠷᠬᠠᠳᠠᠭ ᠪᠢᠯᠠ᠃

ᠪᠠᠭᠡᠵᠢᠩ ᠳᠤ ᠭᠦᠷᠦᠭᠡᠳ ᠥᠵᠡᠭ᠍ᠰᠡᠨ ᠬᠤᠶᠠᠷ ᠰᠤᠨᠢᠨ ᠣᠴᠢᠷ ᠭᠡᠪᠠᠯ ᠡᠢ᠌ᠮᠤ ᠳᠤᠮᠤ ᠬᠤᠳᠠ ᠳᠤ ᠭᠤᠶᠤᠯᠭᠠᠴᠢᠨ ᠪᠠᠢ᠌ᠳᠠᠭ ᠦᠭᠡᠶ᠂ ᠵᠤᠷᠯᠤᠩ ᠳᠤ ᠣᠷᠤᠭᠠᠤᠨ ᠮᠦᠩᠭᠦ ᠲᠦᠯᠦᠳᠡᠭ᠌ ᠦᠭᠡᠶ᠃ ᠵᠥᠭᠡᠷ ᠪᠣᠯᠪᠠᠯ ᠵᠠᠬ᠎ᠠ ᠳᠤ ᠨᠢ ᠭᠠᠷᠴᠤ ᠪᠣᠯᠳᠠᠭ ᠦᠭᠡᠶ ᠨᠠᠢ᠌ᠰᠯᠠᠯ ᠬᠤᠳᠠ ᠶᠢᠨ ᠥᠡᠴᠦᠭ᠌ ᠪᠣᠯᠤᠩ ᠶᠢᠡᠷ ᠭᠤᠶᠤᠯᠭᠠᠴᠢᠨ ᠠᠷᠭ᠎ᠠ ᠳᠠᠰᠤᠷᠠᠴᠢᠬᠠᠭᠰᠠᠨ ᠪᠠᠢ᠌ᠬᠤ ᠣᠴᠢᠷ ᠲᠡᠶ᠃ ᠭᠡᠳᠡᠯ᠎ᠡ ᠳᠠᠢ᠌ᠮᠤ ᠪᠢᠰᠢ ︕ ᠪᠢ ᠪᠠᠭᠡᠵᠢᠩ ᠳᠤ ᠳᠦᠷᠪᠠᠨ ᠰᠠᠷ᠎ᠠ ᠭᠡᠪᠳᠡᠭᠦ ᠳᠡᠭᠡᠨ ᠪᠦᠭᠦᠨ ᠢ ᠳᠤᠭᠤᠷᠢᠭᠠᠤᠨ ᠪᠠᠷᠠᠭᠰᠠᠨ ᠦᠭᠡᠶ ᠴᠤ ᠭᠦᠷᠭᠦ ᠥᠵᠡᠭᠦ ᠶᠤᠰᠤᠳᠠᠢ ᠭᠠᠵᠠᠷ ᠤᠳ ᠶᠢᠡᠷ ᠨᠢ ᠪᠠᠷᠤᠭ ᠣᠴᠢᠭᠰᠠᠨ᠂ ᠭᠡᠳᠡᠯ᠎ᠡ ᠭᠠᠭᠴᠠ ᠴᠤ ᠭᠤᠶᠤᠯᠭᠠᠴᠢᠨ ᠢ ᠥᠵᠡᠭ᠍ᠰᠡᠨ ᠦᠭᠡᠶ ᠭᠡᠪᠠᠯ ᠠᠷᠠᠢ ᠬᠤᠳᠠᠯ ᠭᠡᠮᠡᠷ᠃ ᠪᠣᠳᠤᠪᠠᠯ ᠣᠯᠤᠰ ᠤᠨ ᠨᠠᠷ᠎ᠠ ᠨᠢᠭᠤᠷ ᠢ ᠪᠠᠷᠠᠬᠤ ᠡᠴᠡ ᠪᠣᠯᠭᠤᠮᠵᠢᠯᠠᠵᠤ᠂ ᠨᠠᠢ᠌ᠰᠯᠠᠯ ᠪᠠᠭᠡᠵᠢᠩ ᠳᠤ ᠭᠤᠶᠤᠯᠭᠠᠴᠢᠨ ᠤ ᠭᠦᠯ ᠢ ᠬᠤᠷᠢᠳᠠᠭ ᠪᠠᠢ᠌ᠬ᠎ᠠ᠃ ᠦᠭᠡᠶ ᠪᠣᠯ ᠡᠢ᠌ᠮᠤ ᠳᠤᠮᠤ ᠬᠤᠳᠠ ᠳᠤ ᠭᠤᠶᠤᠯᠭᠠᠴᠢᠨ ᠦᠭᠡᠶ ᠭᠡᠪᠠᠯ ᠭᠡᠨ ᠴᠤ ᠢᠳᠡᠭᠡᠭᠦ ᠦᠭᠡᠶ᠃ ᠪᠠᠰᠠ ᠪᠠᠭᠡᠵᠢᠩ ᠳᠤ ᠭᠠᠵᠠᠷ ᠳᠡᠭᠡᠷ᠎ᠡ ᠶᠠ ᠰᠠᠢ᠌ᠨ᠂ ᠭᠠᠵᠠᠷ ᠳᠤᠤᠷ᠎ᠠ ᠨᠢ ᠴᠤ ᠭᠡᠰᠡᠨ ᠪᠦᠷ ᠨᠠᠢ᠌ᠳᠠ ᠶᠢᠨ ᠵᠤᠷᠯᠤᠩ ᠪᠠᠯᠠᠨ ᠪᠦᠭᠡᠳ ᠴᠠᠪᠠᠷ ᠴᠡᠪᠭᠡᠭᠦᠨ ᠨᠢ ᠭᠠᠢ᠌ᠬᠠᠮᠠᠷ᠃ ᠳᠡᠭᠡᠭᠡᠳ ᠭᠡᠵᠢᠶ᠎ᠡ ᠬᠠᠮᠢᠭ᠎ᠠ ᠨᠢ ᠭᠦᠷᠦᠭ᠍ᠰᠡᠨ ᠴᠤ ᠮᠦᠩᠭᠦ ᠲᠦᠯᠤᠨ᠎ᠡ ᠭᠡᠳ ᠪᠠᠢ᠌ᠳᠠᠭ ᠦᠭᠡᠶ᠃ ᠬᠤᠳᠠ ᠳᠤ ᠭᠦᠷᠦᠭᠡᠳ ᠦᠨ᠎ᠡ ᠦᠭᠡᠶ ᠨᠠᠢ᠌ᠳᠠ ᠶᠢᠨ ᠵᠤᠷᠯᠤᠩ ᠭᠡᠭ᠍ᠴᠢ ᠶᠢ ᠪᠢ ᠠᠩᠬ᠎ᠠ ᠪᠠᠭᠡᠵᠢᠩ ᠤᠨ ᠵᠡᠭᠡᠯᠢ ᠡᠴᠡ ᠦᠵᠡᠵᠤ ᠪᠢᠯᠠ ︕

ᠭᠤᠷᠪᠠᠨ ᠰᠠᠷ᠎ᠠ ᠶᠢᠨ ᠰᠡᠭᠦᠯᠴᠢ ᠪᠠᠷ ᠰᠤᠷᠭᠠᠭᠤᠯᠢ ᠡᠴᠡ ᠵᠤᠬᠢᠶᠠᠨ ᠪᠠᠢ᠌ᠭᠤᠯᠤᠨ ᠪᠠᠭᠡᠵᠢᠩ ᠤᠨ ᠬᠠᠭᠤᠴᠢᠨ 《ᠬᠠᠭᠠᠨ ᠤ ᠣᠷᠳᠤᠨ》 ᠶ᠋ᠢᠡᠷ ᠳᠤᠭᠤᠷᠢᠭᠤᠯᠤᠯ᠎ᠠ᠃ ᠳᠠᠢ᠌ᠯᠪᠣᠷᠢᠯᠠᠭᠴᠢ ᠶᠢᠨ ᠳᠠᠨᠢᠯᠴᠠᠭᠤᠯᠬᠤ ᠪᠠᠷ 《ᠬᠠᠭᠠᠨ ᠤ ᠣᠷᠳᠤᠨ》 ᠪᠣᠯ ᠣᠳᠤ ᠳᠡᠯᠡᠭᠡᠢ ᠳᠡᠭᠡᠷ᠎ᠡ ᠦᠯᠠᠳᠠᠵᠤ ᠪᠠᠢ᠌ᠭ᠎ᠠ ᠬᠠᠮᠤᠭ ᠤᠨ ᠳᠤᠮᠤ᠂ ᠬᠠᠮᠤᠭ ᠤᠨ ᠪᠦᠷᠢᠨ ᠪᠦᠳᠤᠨ ᠡᠷᠳᠡᠨ ᠤ ᠪᠠᠷᠢᠯᠭ᠎ᠠ ᠪᠣᠯᠬᠤ ᠪᠠᠷ ᠪᠠᠷᠠᠬᠤ ᠦᠭᠡᠶ ᠪᠦᠭᠦ ᠭᠦᠮᠤᠨ ᠳᠦᠷᠦᠯᠭᠡᠳᠡᠨ ᠤ ᠬᠤᠪᠣᠷ ᠴᠤᠬᠠᠭ ᠰᠤᠶᠤᠯ ᠤᠨ ᠥᠯᠡᠳᠡᠭ᠍ᠳᠡᠯ ᠭᠡᠵᠤ ᠪᠠᠢ᠌ᠨ᠎ᠠ᠃ ᠡ᠊ᠨᠳᠡ ᠮᠢᠩ᠂ ᠴᠢᠩ ᠬᠤᠶᠠᠷ ᠳᠦᠷᠤ ᠶᠢᠨ ᠬᠤᠷᠢᠨ ᠳᠦᠷᠪᠠᠨ ᠬᠠᠭᠠᠨ ᠣᠷᠢᠳ ᠬᠤᠵᠢᠳ ᠳᠦᠷᠤ ᠪᠠᠷᠢᠵᠤ ᠥᠩᠭᠡᠷᠡᠵᠡᠢ᠃ ᠶᠡᠭᠡ ᠪᠠᠭ᠎ᠠ ᠪᠠᠷᠢᠯᠭ᠎ᠠ ᠪᠦᠭᠦ 8700 ᠭᠠᠷᠤᠢ ᠪᠦᠭᠡᠳ ᠪᠠᠷᠢᠯᠭ᠎ᠠ ᠶᠢᠨ ᠶᠡᠭᠡᠩᠭᠢ ᠨᠢ ᠪᠦᠷ ᠮᠤᠳᠤ ᠪᠠᠢ᠌ᠵᠤ᠂ ᠰᠠᠢ᠌ᠯᠤᠮᠠᠯ ᠤᠨ ᠣᠷᠠᠨ ᠨᠠᠷᠢᠨ᠂ ᠶᠠᠩᠵᠤ ᠭᠡᠯᠪᠠᠷᠢ ᠶᠢᠨ ᠰᠦᠷᠯᠢᠭ᠌ ᠭᠡᠭᠡᠮᠰᠦᠭ᠌᠂ ᠪᠦᠷᠢᠨ ᠪᠦᠳᠤᠨ ᠦᠯᠠᠳᠠᠵᠤ ᠢᠷᠡᠭ᠍ᠰᠡᠨ ᠶᠢᠡᠷ ᠶᠢᠡᠨ ᠳᠡᠯᠡᠭᠡᠢ ᠳᠤ ᠠᠯᠳᠠᠷᠳᠠᠢ ᠭᠡᠨ᠎ᠡ᠃ 《ᠬᠠᠭᠠᠨ ᠤ ᠣᠷᠳᠤᠨ》 ᠊ᠤ ᠳᠤᠳᠤᠷᠠᠭᠢ ᠬᠠᠭᠤᠴᠢᠨ ᠡᠳ᠋ᠯᠡᠯ ᠭᠡᠷᠡᠭ᠍ᠰᠡᠯ ᠢ ᠰᠠᠭᠢᠨ ᠬᠠᠷᠠᠵᠤ ᠪᠠᠢ᠌ᠭ᠎ᠠ ᠠᠵᠢᠯᠳᠠᠤᠨ᠂ ᠠᠵᠢᠯ ᠳᠠᠭᠠᠨ ᠨᠠᠷᠢᠨ ᠬᠠᠷᠢᠭᠤᠴᠠᠯᠭ᠎ᠠ ᠲᠡᠶ ᠭᠡᠳᠡᠭ᠌ ᠨᠢ ᠪᠠᠷᠭᠡ᠃ ᠳᠤᠳᠤᠷ᠎ᠠ ᠨᠢ ᠣᠷᠤᠭᠠᠤᠨ ᠰᠡᠭᠦᠳᠡᠷ ᠪᠠᠭᠤᠯᠭᠠᠬᠤ᠂ ᠡᠳ᠋ ᠶᠠᠭᠤᠮᠠᠨ ᠳᠤ ᠨᠢ ᠭᠠᠷ ᠭᠦᠷᠭᠦ ᠶᠢ ᠴᠢᠩᠭ᠎ᠠ ᠬᠤᠷᠢᠭᠯᠠᠨ ᠴᠠᠭᠳᠠᠳᠠᠭ ᠶᠤᠮ ᠪᠠᠢ᠌ᠨ᠎ᠠ᠃ ᠴᠢᠮ᠎ᠠ ᠶᠢ ᠣᠷᠤᠭᠰᠠᠨ ᠴᠠᠭ ᠡᠴᠡ ᠭᠠᠷᠤᠨ ᠭᠠᠷᠳᠠᠯ᠎ᠠ ᠭᠠᠷ ᠨᠢᠭᠤᠷ ᠢ ᠴᠢᠨᠢ ᠠᠷᠭ᠎ᠠ ᠪᠠᠷᠠᠭᠳᠠᠳᠠᠯ᠎ᠠ ᠰᠢᠷᠳᠠᠨ᠎ᠡ᠂ ᠥᠨᠡᠭᠡᠷ ᠠᠶᠤᠮᠠᠷ᠃ ᠡᠭᠦᠨ ᠢ ᠬᠠᠷᠠᠭᠠᠤᠨ ᠣᠯᠢᠭ ᠦᠭᠡᠶ ᠨᠢᠭᠡ ᠨᠢ ᠡ᠊ᠨᠳᠡ ᠢᠷᠠᠵᠤ᠂ ᠭᠦᠢᠳᠡᠨ ᠭᠠᠷ ᠭᠦᠶ‍ᠦᠯᠭᠡᠭᠡᠳ ᠡᠳᠡᠨᠦᠰ ᠢ ᠪᠦᠷ ᠵᠠᠯᠬᠠᠭᠠᠤᠨ ᠬᠠᠶ‍ᠢᠴᠢᠬᠠᠵᠤ ᠭᠡᠵᠤ ᠪᠣᠳᠤᠨ ᠮᠢᠨᠤ ᠢᠨᠢᠶᠠᠳᠤ ᠭᠦᠷᠦᠯ᠎ᠡ᠃ 《ᠬᠠᠭᠠᠨ ᠤᠨ ᠣᠷᠳᠤᠨ》 ᠶ᠋ᠢᠡᠷ ᠳᠤᠭᠤᠷᠢᠨ ᠢᠷᠠᠵᠤ ᠪᠠᠢ᠌ᠭ᠎ᠠ ᠭᠠᠳᠠᠭᠠᠳᠤ ᠳᠤᠳᠤᠭᠠᠳᠤ ᠶᠢᠨ ᠵᠢᠭᠤᠯᠴᠢᠨ ᠴᠤ ᠳᠤᠩ ᠠᠷᠪᠢᠨ᠃ ᠮᠠᠨᠤᠰ ᠡ᠊ᠨᠳᠡ ᠪᠦᠳᠤᠨ ᠨᠢᠭᠡ ᠦᠳᠡ ᠶᠢᠨ ᠬᠣᠢ᠌ᠨ᠎ᠡ ᠡᠷᠭᠢᠵᠡᠢ᠃ ᠣᠷᠤᠢ ᠨᠢ ᠮᠦᠨ ᠰᠤᠷᠭᠠᠭᠤᠯᠢ ᠡᠴᠡ ᠬᠠᠷᠢᠴᠠᠵᠤ ᠪᠠᠢ᠌ᠭᠠᠤᠨ ᠣᠯᠤᠰ ᠤᠨ ᠳᠤᠮᠤ ᠵᠥᠴᠦᠭᠡ ᠶᠢᠨ ᠳᠢᠶᠠᠲ᠋ᠷ ᠲᠤ 《ᠶᠠᠷᠢᠶᠠᠳᠤ ᠵᠥᠴᠦᠭᠡ》 ᠰᠤᠨᠢᠷᠬᠠᠭᠤᠯᠤᠯ᠎ᠠ᠃ ᠣᠯᠤᠰ ᠤᠨ ᠵᠥᠴᠦᠭᠡ ᠶᠢᠨ ᠳᠢᠶᠠᠲ᠋ᠷ ᠤᠨ ᠰᠦᠷᠯᠢᠭ᠌ ᠳᠤᠮᠤ᠂ ᠭᠡᠭᠡᠡᠴᠢᠷ ᠭᠤᠶᠤᠮᠰᠤᠭ ᠢ ᠥᠵᠡᠭᠡᠳ ᠠᠮᠠ ᠪᠠᠨ ᠪᠠᠷᠢᠮᠠᠷ᠃ ᠳᠤᠳᠤᠷ᠎ᠠ ᠨᠢ ᠭᠦᠷᠦᠭᠡᠳ ᠳᠦᠭᠡᠷᠢᠴᠢᠭᠡᠪᠠᠯ ᠣᠷᠤᠭᠰᠠᠨ ᠡᠭᠦᠳᠡ ᠪᠠᠨ ᠴᠤ ᠣᠯᠬᠤ ᠦᠭᠡᠶ ᠰᠠᠠᠳᠤᠷᠬᠤ ᠨᠢ ᠡ᠃ ᠭᠦᠮᠤᠨ ᠤ ᠰᠠᠨᠠᠭᠠᠨ ᠵᠡᠭᠦᠳᠤᠨ ᠳᠤ ᠴᠤ ᠣᠷᠤᠬᠤ ᠦᠭᠡᠶ ᠶᠠᠭᠤᠮ᠎ᠠ ᠶᠢ ᠠᠪ ᠠᠮᠠᠷᠬᠠᠨ ᠪᠦᠳᠦᠭᠡᠭᠡᠳ ᠳᠠᠯᠪᠢᠴᠢᠬᠠᠳᠠᠭ ᠰᠤᠶᠤᠯ ᠮᠡᠷᠭᠡᠵᠢᠯ ᠭᠡᠳᠡᠭ᠌ ᠦᠨᠡᠨ ᠠᠯᠠᠩ ᠪᠣᠯᠤᠮᠠᠷ᠃

ᠮᠠᠨᠠᠢ᠌ᠭᠢᠨ ᠠᠩᠭᠢ ᠪᠠᠷ ᠶᠢᠡᠨ ᠰᠠᠷ᠎ᠠ ᠳᠠᠭᠠᠨ ᠨᠢᠭᠡ ᠣᠳᠠᠭ᠎ᠠ ᠣᠷᠠᠨ ᠵᠤᠬᠢᠶᠠᠯ ᠤᠨ ᠳᠤᠬᠠᠢ ᠲᠡᠶ ᠴᠢᠯᠦᠭᠡᠳᠤ ᠶᠠᠷᠢᠯᠴᠠᠭ᠎ᠠ ᠦᠷᠨᠢᠭᠦᠯᠳᠡᠭ᠌᠃ ᠦᠨᠳᠦᠰᠦᠳᠠᠨ ᠤ ᠣᠷᠠᠨ ᠵᠤᠬᠢᠶᠠᠯ ᠤᠨ ᠳᠤᠬᠠᠢ ᠶᠠᠷᠤ ᠠᠮᠠᠯᠠᠵᠤ ᠥᠩᠭᠡᠷᠡᠭᠡ ᠦᠭᠡᠶ ᠴᠤ ᠡᠩᠭᠡᠬᠠᠳᠡ ᠪᠢᠳᠠ ᠬᠤᠶᠠᠷ ᠬᠣᠢ᠌ᠰᠢ ᠰᠠᠭᠤᠵᠤ ᠥᠵᠡᠭᠡ ᠦᠭᠡᠶ᠃ ᠶᠠᠮᠠᠷ ᠴᠠᠭ ᠶᠢᠡᠨ ᠪᠠᠷᠠᠵᠤ ᠶᠠᠳᠠᠭᠰᠠᠨ ᠣᠴᠢᠷ ᠪᠢᠰᠢ᠂ ᠬᠠᠷᠢᠨ ᠭᠢᠳᠠᠤᠨ ᠣᠷᠠᠨ ᠵᠤᠬᠢᠶᠠᠯ ᠴᠤᠬᠤᠮ ᠶᠠᠭᠤ ᠪᠣᠯᠵᠤ᠂ ᠶᠠᠭᠠᠭᠢᠵᠤ ᠪᠠᠢ᠌ᠨ᠎ᠠ ᠭᠡᠵᠤ ᠰᠤᠨᠢᠷᠬᠠᠬᠤ᠂ ᠣᠢ᠌ᠯᠠᠭᠠᠬᠤ ᠡᠭᠦᠳᠡᠨ ᠡᠴᠡ ᠣᠴᠢᠵᠤ ᠣᠷᠤᠯᠴᠠᠳᠠᠭ᠃ ᠴᠥᠭᠡᠨ ᠭᠡᠰᠡᠭ᠌ ᠨᠢ ᠭᠡᠨ ᠨᠢᠭᠡ ᠪᠠᠨ ᠬᠤᠭᠤᠰᠤᠨ ᠡᠷᠭᠦᠵᠤ ᠮᠠᠭᠳᠠᠬᠤ ᠶᠢ ᠭᠠᠷᠭᠠᠪᠠᠯ ᠣᠯᠠᠩᠭᠢ ᠨᠢ ᠨᠢᠭᠤᠷ ᠨᠢᠭᠤᠷ ᠶᠢᠡᠨ ᠬᠠᠷᠠᠵᠤ ᠪᠠᠢ᠌ᠭᠠᠤᠨ ᠠᠯᠳᠠᠭᠳᠠᠯ ᠳᠤᠳᠠᠭᠳᠠᠯ ᠶᠢᠡᠨ ᠰᠢᠭᠤᠳ ᠭᠡᠯᠡᠭᠡᠳ ᠠᠪᠳᠠᠭ ᠶᠤᠮ ᠪᠠᠢ᠌ᠨ᠎ᠠ᠃ ᠠᠯᠢ ᠴᠤ ᠦᠨᠳᠦᠰᠦᠳᠠᠨ ᠤ ᠤᠳᠬ᠎ᠠ ᠵᠤᠬᠢᠶᠠᠯ ᠡᠷᠡᠭᠦᠯ ᠶᠢᠡᠷ ᠭᠦᠭ᠍ᠵᠢᠭᠦ ᠳᠤ ᠵᠥᠪᠭᠡᠨ ᠠᠮᠵᠢᠯᠳᠠ ᠪᠠᠨ ᠬᠠᠷᠠᠭᠠᠤᠨ ᠯᠠ ᠠᠯᠳᠠᠭᠳᠠᠯ ᠶᠢᠡᠨ ᠣᠯᠵᠤ ᠥᠵᠡᠭᠦ ᠦᠭᠡᠶ ᠪᠣᠯ ᠱᠠᠯ ᠬᠤᠭᠤᠰᠤᠨ᠃ ᠪᠢᠳᠠ ᠠᠯᠳᠠᠭᠳᠠᠯ ᠶᠢᠡᠨ ᠴᠠᠭᠠᠷᠠᠭᠤᠯᠵᠤ ᠪᠠᠢ᠌ᠵᠤ ᠰᠠ‍‌ᠶᠢ ᠠᠮᠵᠢᠯᠳᠠ ᠳᠤ ᠭᠦᠷᠤᠨ᠎ᠡ ᠭᠡᠳᠡᠭ᠌ ᠶᠤᠰᠤ ᠶᠢ ᠮᠡᠳᠡᠭᠦ ᠭᠡᠷᠡᠭ᠍ᠳᠡᠢ᠃ ᠶᠠᠷᠢᠯᠴᠠᠭ᠎ᠠ ᠥᠡᠳᠦᠷᠯᠡᠭᠦ ᠳᠤ ᠬᠤᠶᠠᠭᠤᠯᠠ ᠭᠠᠷᠴᠤ ᠢᠷᠡᠭᠡᠳ ᠮᠤᠩᠭ᠋ᠤᠯ ᠣᠷᠠᠨ ᠵᠤᠬᠢᠶᠠᠯ᠂ ᠭᠡᠯᠡ ᠰᠤᠶᠤᠯ ᠶᠢᠡᠨ ᠪᠠᠬᠠᠷᠬᠠᠨ ᠶᠠᠷᠢᠯᠴᠠᠵᠤ 《ᠭᠡᠷ ᠳᠦᠭᠦᠷᠡᠩ ᠮᠤᠩᠭ᠋ᠤᠯᠴᠤᠳ ᠬᠤᠷᠠᠵᠤ ᠰᠠᠭᠤᠭᠠᠤᠨ ᠦᠪᠡᠷ ᠤᠨ ᠤᠳᠬ᠎ᠠ ᠵᠤᠬᠢᠶᠠᠯ ᠶᠢᠡᠨ ᠦᠪᠠᠰᠤᠪᠠᠨ ᠶᠢᠡᠨ ᠦᠨᠡᠯᠠᠵᠤ ᠱᠥᠭᠦᠵᠤ ᠪᠠᠢ᠌ᠭᠰᠠᠨ ᠪᠣᠯ ᠡ᠁》 ᠭᠡᠳ ᠰᠠᠨᠠᠭ᠎ᠠ ᠠᠯᠳᠠᠳᠠᠭ᠃ ᠡᠢ᠌ᠮᠦᠷᠭᠦ ᠬᠤᠪᠢ ᠲᠤᠬᠢᠶᠠᠯ ᠪᠢᠳᠠᠨ ᠳᠤ ᠦᠭᠡᠶ ᠪᠠᠢ᠌ᠭᠰᠠᠨ ᠪᠢᠰᠢ ᠮᠦᠨ ᠪᠠᠢ᠌ᠵᠤ ᠯᠠ ᠳ᠋ᠠ᠃ ᠭᠡᠳᠡᠯ᠎ᠡ ᠦᠪᠡᠷ ᠲᠤ ᠪᠠᠢ᠌ᠭᠰᠠᠨ ᠶᠠᠭᠤᠮ᠎ᠠ ᠪᠠᠨ ᠦᠪᠡᠷ ᠶᠢᠡᠨ ᠭᠦᠮᠤᠨ ᠳᠤ 《ᠨᠠᠢ᠌ᠷ ᠳᠠᠯᠪᠢᠴᠢᠬᠠᠭᠠᠤᠨ》 ᠦᠨᠦᠳᠤᠷ ᠭᠡᠨ ᠶᠢᠡᠨ ᠪᠣᠷᠤᠭᠤᠳᠬᠠᠬᠤ ᠪᠢᠯᠠ ⁈

ᠳᠠᠪᠤᠨ ᠰᠠᠷ᠎ᠠ ᠶᠢᠨ ᠴᠢᠯᠦᠭᠡ ᠳᠠᠭᠠᠷᠠᠭᠤᠯᠤᠨ ᠪᠦᠰᠡᠭᠦᠢ ᠮᠢᠨᠢ ᠬᠣᠢ᠌ᠨ᠎ᠡ ᠡᠴᠡ ᠢᠷᠠᠯ᠎ᠠ᠃ ᠤᠢ᠌ᠷ᠎ᠡ ᠵᠠᠭᠤᠷ᠎ᠠ ᠭᠡᠷ ᠲᠡᠶ ᠨᠢ ᠪᠦᠷ ᠬᠠᠷᠢᠭᠠᠤᠨ ᠪᠠᠢ᠌ᠭᠰᠠᠨ ᠪᠣᠯᠬᠤ ᠪᠠᠷ ᠠᠰᠠᠷ ᠨᠢᠭᠡ ᠯᠠ ᠡᠵᠡᠭᠦᠢᠷᠡᠭᠡᠳ ᠶᠠᠪᠣᠴᠢᠬᠠᠵᠠᠢ᠃ ᠡᠨᠡ ᠵᠠᠪ ᠴᠢᠯᠦᠭᠡ ᠶᠢ ᠠᠰᠢᠭᠯᠠᠨ ᠵᠢᠭᠠᠬᠠᠨ ᠶᠠᠭᠤᠮ᠎ᠠ ᠪᠢᠴᠢᠭᠦ ᠪᠣᠳᠤᠯ ᠲᠡᠶ ᠪᠠᠢ᠌ᠭᠰᠠᠨ ᠴᠤ ᠪᠦᠰᠡᠭᠦᠢ ᠮᠢᠨᠢ ᠳᠠᠷᠠ ᠬᠤᠯᠠ ᠡᠴᠡ ᠢᠷᠡᠭ᠍ᠰᠡᠨ ᠢ ᠥᠵᠡᠭᠡᠳ ᠶᠠᠭᠠᠭᠢᠵᠤ ᠴᠤ ᠴᠢᠳᠠᠭ᠎ᠠ ᠦᠭᠡᠶ᠃ ᠳᠦᠷᠪᠠᠨ ᠡᠳᠦᠷ ᠪᠦᠰᠡᠭᠦᠢ ᠪᠠᠨ ᠳᠠᠭᠠᠭᠤᠯᠤᠨ ᠪᠠᠭᠡᠵᠢᠩ ᠬᠤᠳᠠ ᠪᠠᠷ ᠰᠠᠢ᠌ᠨ ᠡᠷᠭᠢᠯ᠎ᠡ᠃ ᠳᠡᠯᠡᠭᠡᠢ ᠶᠢᠨ ᠪᠠᠷᠢᠯᠭ᠎ᠠ ᠶᠢᠨ ᠭᠠᠢ᠌ᠬᠠᠮᠰᠢᠭ ᠪᠣᠯᠤᠭᠰᠠᠨ ᠣᠷᠳᠤ ᠴᠠᠭᠠᠨ ᠭᠡᠷᠡᠮ ᠳᠡᠭᠡᠷ᠎ᠡ ᠴᠤ ᠭᠠᠷᠪᠠ᠃ ᠠᠭᠤᠯᠠ ᠠᠭᠤᠯᠠ ᠶᠢ ᠰᠤᠠᠳᠠᠯᠠᠨ ᠬᠠᠷᠠᠭ᠎ᠠ ᠳᠠᠰᠤᠷᠠᠳᠠᠯ᠎ᠠ ᠦᠷᠭᠦᠯᠵᠢᠯᠡᠭ᠍ᠰᠡᠨ ᠡᠷᠳᠡᠨ ᠤ ᠡᠨᠡᠭᠦ ᠳᠤᠮᠤ ᠪᠠᠷᠢᠯᠭ᠎ᠠ ᠭᠡᠴᠢᠨᠡᠨ ᠭᠦᠮᠦᠰ ᠤᠨ ᠭᠦᠴᠤ ᠭᠦᠯᠦᠰᠤ᠂ ᠴᠢᠰᠤ ᠨᠢᠯᠪᠣᠰᠤ ᠪᠠᠷ ᠪᠣᠰᠬᠠᠭᠳᠠᠭᠰᠠᠨ ᠢ ᠳᠦᠰᠦᠭᠡᠯᠡᠭᠦ ᠶᠢᠨ ᠠᠷᠭ᠎ᠠ ᠦᠭᠡᠶ᠃ ᠨᠡᠭᠦᠳᠡᠯᠴᠢᠨ ᠤ ᠳᠤᠪᠳᠤᠯᠤᠯ ᠡᠴᠡ ᠰᠡᠷᠭᠡᠢ᠌ᠯᠡᠵᠤ ᠡᠨᠡ ᠴᠠᠭᠠᠨ ᠭᠡᠷᠡᠮ ᠢ ᠪᠠᠢ᠌ᠭᠤᠯᠤᠯ᠎ᠠ ᠭᠡᠳᠡᠭ᠌᠃ ᠡᠭᠦᠨ ᠡᠴᠡ ᠥᠵᠡᠭᠦ ᠳᠤ ᠨᠡᠭᠦᠳᠡᠯ ᠰᠤᠶᠤᠯ ᠭᠢᠭᠡᠳ ᠳᠠᠷᠢᠶᠠᠯᠠᠬᠤ ᠰᠤᠶᠤᠯ ᠤᠨ ᠵᠠᠭᠠᠭ ᠴᠠᠭᠠᠨ ᠭᠡᠷᠡᠮ ᠪᠠᠢ᠌ᠵᠠᠢ᠃ ᠭᠡᠳᠡᠯ᠎ᠡ ᠦᠨᠦᠳᠤᠷ ᠡᠨᠡ ᠴᠠᠭᠠᠨ ᠭᠡᠷᠡᠮ (ᠦᠨᠡᠨ ᠳᠡᠭᠡᠨ ᠭᠦᠭᠡ ᠭᠡᠷᠡᠮ) ᠣᠤᠯ ᠤᠨ ᠣᠢ᠌ᠯᠠᠳᠤᠯ ᠭᠡᠷᠡᠭ᠍ᠴᠡᠭᠡ ᠪᠠᠨ ᠪᠦᠷᠢᠮᠦᠰᠤᠨ ᠠᠯᠳᠠᠭᠠᠤᠨ ᠵᠥᠪᠭᠡᠨ ᠦᠵᠡᠮᠤᠷᠢ ᠶᠢᠨ ᠶᠠᠭᠤᠮ᠎ᠠ ᠪᠣᠯᠤᠨ ᠥᠯᠡᠳᠡᠭ᠍ᠰᠡᠨ ᠪᠠᠢ᠌ᠨ᠎ᠠ᠃ ᠬᠠᠷᠠᠮᠰᠠᠯ ᠲᠡᠶ ᠨᠢ ᠰᠤᠶᠤᠯ ᠨᠢ ᠰᠤᠶᠤᠯ ᠶᠢᠡᠨ ᠳᠦᠷᠢᠮᠡᠭᠡᠢ᠌ᠯᠡᠭᠦ ᠶᠢ ᠡᠨᠡ ᠴᠠᠭᠠᠨ ᠭᠡᠷᠡᠮ ᠬᠠᠰᠢᠵᠤ ᠴᠢᠳᠠᠭ᠎ᠠ ᠦᠭᠡᠶ ᠡ ︕ ᠭᠡᠷᠪᠡ ᠥᠭᠡ ᠭᠡᠯᠡᠵᠤ ᠴᠢᠳᠠᠳᠠᠭ ᠪᠣᠯ ᠬᠤᠵᠢᠮ ᠳᠡᠦᠭᠡ ᠶᠢᠨ ᠦᠨᠡᠨ ᠢ ᠴᠠᠭᠠᠨ ᠭᠡᠷᠡᠮ ᠯᠠ ᠰᠠ‍‌ᠶᠢ ᠦᠨᠡᠨ ᠮᠦᠨ ᠶᠢᠡᠷ ᠨᠢ ᠭᠦᠮᠦᠰ ᠲᠤ ᠭᠡᠯᠡᠵᠤ ᠦᠭ‍ᠭᠦ ᠪᠠᠢ᠌ᠬ᠎ᠠ ᠳ᠋ᠠ᠃ ᠰᠤᠷᠭᠠᠭᠤᠯᠢ ᠳᠤ ᠪᠠᠢ᠌ᠬᠤ ᠳᠠᠭᠠᠨ ᠳᠡᠦᠭᠡ ᠶᠢᠨ ᠭᠢᠴᠢᠶᠠᠯ ᠳᠡᠭᠡᠷ᠎ᠡ ᠰᠤᠷᠴᠤ ᠪᠠᠢ᠌ᠭᠰᠠᠨ ᠣᠷᠳᠤ ᠴᠠᠭᠠᠨ ᠭᠡᠷᠡᠮ ᠳᠡᠭᠡᠷ᠎ᠡ ᠦᠨᠦᠳᠤᠷ ᠪᠠᠶ᠎ᠠ ᠪᠠᠷ ᠭᠠᠷᠴᠤ ᠵᠤᠭᠰᠤᠭᠠᠤᠨ ᠠᠯᠤᠰ ᠢ ᠪᠠᠷᠠᠯᠠᠬᠤ ᠳᠤ ᠪᠠᠶᠠᠷᠯᠠᠬᠤ᠂ ᠳᠤᠭᠳᠤᠯᠬᠤ᠂ ᠬᠠᠷᠠᠮᠰᠠᠬᠤ ᠶᠠᠩᠵᠤ ᠶᠢᠨ ᠰᠡᠳᠬᠢᠯᠭᠡ ᠴᠡᠭᠡᠵᠢᠨ ᠳᠤ ᠬᠤᠷᠠᠨ ᠢᠷᠠᠨ᠎ᠡ᠃ ᠭᠠᠵᠠᠷ ᠤᠨ ᠨᠢᠭᠡ ᠳᠡᠨᠦᠭᠡᠳ ᠪᠣᠳᠠᠷᠠᠵᠤ᠂ ᠭᠦᠴᠤᠨ ᠶᠢᠡᠨ ᠳᠡᠯᠡᠭᠡ ᠦᠭᠡᠶ ᠪᠣᠯ ᠮᠤᠩᠭ᠋ᠤᠯᠴᠤᠳ ᠤᠨ ᠬᠤᠪᠢ ᠵᠠᠶᠠᠭ᠎ᠠ ᠠᠷᠠᠢ ᠦᠨᠦᠳᠤᠷ ᠤᠨ ᠭᠡᠮᠵᠢᠶᠡᠨ ᠳᠤ ᠳᠤᠯᠬᠤ ᠦᠭᠡᠶ ᠪᠠᠢ᠌ᠭᠰᠠᠨ ᠳ᠋ᠠ᠃

ᠨᠢᠭᠡ ᠣᠳᠠᠭ᠎ᠠ ᠡᠩᠭᠡᠬᠠᠳᠡ ᠪᠢᠳᠠ ᠬᠤᠶᠠᠷ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ ᠳᠤ ᠣᠴᠢᠵᠤ᠂ ᠶᠠᠫᠣᠨ ᠤ ᠮᠤᠩᠭ᠋ᠤᠯᠴᠢ ᠡᠷᠳᠡᠮᠳᠡᠨ ᠤ ᠳᠠᠢ᠌ᠯᠤᠨ ᠢ ᠰᠤᠨᠤᠰᠤᠯ᠎ᠠ᠃ ᠬᠠᠷᠢ ᠣᠯᠤᠰ ᠤᠨ ᠭᠦᠮᠤᠨ ᠪᠠᠢ᠌ᠭᠠᠤᠨ ᠮᠤᠩᠭ᠋ᠤᠯ ᠶᠢᠡᠷ ᠣᠰᠤ ᠴᠠᠰᠤ ᠰᠢᠭ ᠣᠷᠤᠰᠴᠤ ᠪᠠᠢ᠌ᠬᠤ ᠶᠢ ᠰᠤᠨᠤᠰᠤᠭᠠᠤᠨ ᠦᠨᠡᠨ ᠪᠢᠰᠢᠷᠠᠪᠠ᠃ ᠮᠠᠨᠠᠢ᠌ᠭᠢᠰ ᠲᠤ ᠠᠳᠠᠭᠯᠠᠬᠤ ᠳᠤ (ᠨᠠᠭᠠᠳᠤ ᠵᠠᠬ᠎ᠠ ᠳᠠᠭᠠᠨ) ᠮᠤᠩᠭ᠋ᠤᠯ ᠥᠭᠡ ᠪᠠᠨ ᠭᠡᠯᠡᠵᠤ ᠴᠢᠳᠠᠬᠤ ᠦᠭᠡᠶ ᠭᠦᠮᠤᠨ ᠣᠯᠠᠨ ᠰᠢᠤ ︕ ᠭᠠᠳᠠᠭᠠᠳᠤ ᠣᠯᠤᠰ ᠤᠨ ᠭᠦᠮᠤᠨ ᠭᠦᠷᠳᠡᠯ᠎ᠡ ᠮᠠᠨ ᠤ ᠭᠡᠯᠡ ᠰᠤᠶᠤᠯ ᠳᠤ ᠡᠴᠢᠨᠡᠨ ᠳᠤᠷ᠎ᠠ ᠰᠤᠨᠢᠷᠬᠠᠯ ᠲᠡᠶ ᠪᠠᠢ᠌ᠬᠤ ᠳᠤ ᠪᠢᠳᠠ ᠦᠪᠠᠰᠤᠪᠠᠨ ᠬᠠᠷᠢᠨ ᠳᠠᠳᠠᠨ ᠡᠴᠡ ᠬᠤᠴᠤᠷᠴᠤ ᠰᠠᠭᠤᠬᠤ ᠨᠢ ᠶᠠᠭᠤ ᠪᠢᠯᠠ ⁈ ᠮᠠᠨᠠᠢ᠌ᠭᠢᠰ ᠲᠤ ᠮᠦᠨ ᠰᠤᠶᠤᠯ ᠤᠨ ᠣᠬᠠᠮᠰᠠᠷ ᠳᠤᠳᠠᠭᠳᠠᠵᠤ ᠪᠠᠢ᠌ᠭ᠎ᠠ ᠳ᠋ᠠ᠃ ᠣᠯᠠᠩᠭᠢ ᠨᠢ ᠡᠭᠡ ᠭᠡᠯᠡ ᠪᠠᠷ ᠶᠢᠡᠨ ᠭᠦᠯ ᠳᠤ ᠣᠷᠤᠵᠤ᠂ ᠣᠯᠤᠰ ᠤᠨ ᠪᠣᠶᠠᠨ ᠳᠤ ᠪᠠᠭᠳᠠᠭ᠎ᠠ ᠭᠡᠳᠡᠭ᠌ ᠶᠢᠡᠨ ᠭᠡᠳᠥᠢᠨᠡᠢ ᠮᠠᠷᠳᠠᠴᠢᠬᠠᠭᠰᠠᠨ ᠪᠠᠢ᠌ᠬ᠎ᠠ ᠨᠢ ᠡ᠃ ᠳᠠᠠᠳᠠ ᠪᠢ ᠳᠡᠭᠡᠳᠤ ᠮᠤᠩᠭ᠋ᠤᠯ ᠡᠴᠡ ᠭᠠᠷᠤᠭᠰᠠᠨ ᠡᠷᠳᠡᠮᠳᠡᠨ᠂ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ ᠰᠡᠷᠡᠡᠭᠡᠷᠡᠯ ᠪᠠᠭᠰᠢ᠂ ᠪᠠᠰᠠ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ ᠮᠢᠩᠭ᠋ᠠᠤᠨ·ᠡᠷᠳᠡᠮᠳᠤ ᠪᠠᠭᠰᠢ᠂ ᠠᠬᠠᠮᠠᠤᠨ ᠫᠷᠤᠹᠧᠰᠰᠤᠷ ᠭᠡᠰᠢᠭ᠍ᠳᠤᠭᠳᠤᠬᠤ ᠪᠠᠭᠰᠢ᠂ ᠮᠤᠩᠭ᠋ᠤᠯ ᠣᠯᠤᠰ ᠡᠴᠡ ᠣᠷᠢᠵᠤ ᠠᠪᠴᠢᠷᠠᠭᠰᠠᠨ ᠼᠠᠳᠠᠪ ᠪᠠᠭᠰᠢ ᠨᠡᠷ ᠲᠡᠶ ᠠᠭᠤᠯᠵᠠᠨ ᠳᠠᠨᠢᠯᠴᠠᠯ᠎ᠠ᠃ ᠰᠡᠷᠡᠡᠭᠡᠷᠡᠯ ᠪᠠᠭᠰᠢ ᠡᠴᠡ ᠨᠠᠳᠠ ᠭᠠᠷ ᠤᠨ ᠥᠰᠦᠭ᠌ ᠶᠢᠡᠨ ᠵᠢᠷᠤᠭᠰᠠᠨ ᠨᠤᠮ ᠶᠢᠡᠨ ᠪᠠᠯᠡᠭᠯᠡᠨ ᠭᠦᠰᠡᠯ ᠢᠷᠦᠭᠡᠯ ᠶᠢᠡᠨ ᠬᠠᠢ᠌ᠷᠠᠯᠠᠪᠠ᠃ ᠳᠠᠷᠤᠤ ᠭᠦᠩᠭᠡᠮᠰᠦᠭ᠌ ᠵᠠᠩ᠂ ᠨᠤᠳᠤᠭᠴᠢ ᠬᠠᠯᠠᠭᠤᠮᠰᠤᠭ ᠰᠡᠳᠭᠢᠯ ᠨᠢ ᠨᠠᠮ᠎ᠠ ᠶᠢ ᠭᠦᠨ ᠨᠥᠯᠦᠭᠡᠯᠡᠵᠤ᠂ ᠰᠤᠶᠤᠯ ᠡᠷᠳᠡᠮᠳᠡᠢ ᠭᠦᠮᠤᠨ ᠡᠢ᠌ᠮᠤ ᠯᠠ ᠪᠠᠢ᠌ᠳᠠᠭ ᠪᠣᠯᠪᠠ ᠦᠦ ᠭᠡᠰᠡᠨ ᠰᠠᠢ᠌ᠬᠠᠨ ᠰᠠᠭᠤᠭᠳᠠᠯ ᠥᠯᠡᠳᠡᠭᠡᠯ᠎ᠡ᠃ ᠡᠳᠡᠨ ᠴᠤ ᠮᠦᠨ ᠴᠠᠢ᠌ᠯᠠᠵᠤ ᠰᠠᠭᠤᠬᠤ ᠶᠢᠨ ᠵᠠᠪᠰᠠᠷ ᠶᠢᠡᠷ ᠨᠤᠳᠤᠭ ᠪᠠᠯᠴᠢᠭᠡᠷ ᠤᠨ ᠡᠯᠡᠰᠦᠷᠭᠡᠭ᠍ᠵᠢᠯ᠂ ᠠᠮᠢ ᠠᠬᠤᠢ ᠶᠢᠨ ᠡᠪᠳᠡᠭ᠍ᠳᠡᠯ᠂ ᠭᠡᠯᠡ ᠰᠤᠶᠤᠯ ᠤᠨ ᠳᠤᠷᠣᠢ᠌ᠳᠠᠯ ᠭᠡᠳ ᠦᠨᠳᠦᠰᠦᠳᠠᠨ ᠤ ᠬᠤᠪᠢ ᠵᠠᠶᠠᠭ᠎ᠠ᠂ ᠬᠤᠵᠢᠮ ᠮᠠᠷᠭᠠᠰᠢ ᠲᠡᠶ ᠬᠤᠯᠪᠣᠭᠳᠠᠭᠰᠠᠨ ᠳᠤᠮᠤ ᠳᠤᠮᠤ ᠰᠠᠳᠤᠪ ᠢ ᠵᠠᠳᠠᠯᠤᠨ ᠳᠡᠯᠭᠡᠵᠤ᠂ ᠰᠠᠨᠠᠭ᠎ᠠ ᠰᠡᠳᠭᠢᠯ ᠶᠢᠡᠷ ᠣᠨᠠᠵᠤ ᠪᠠᠢ᠌ᠳᠠᠭ ᠶᠤᠮ ᠪᠠᠢ᠌ᠨ᠎ᠠ᠃ ᠠᠷᠭ᠎ᠠ ᠴᠤ ᠦᠭᠡᠶ ᠳ᠋ᠠ᠂ ᠣᠬᠠᠭᠠᠨ ᠰᠠᠨᠠᠭ᠎ᠠ ᠡᠷᠡᠭᠦᠯ ᠰᠠᠷᠠᠭᠤᠯ ᠭᠦᠮᠤᠨ ᠪᠣᠯᠪᠠᠯ ᠡᠨᠡ ᠰᠠᠢ᠌ᠬᠠᠨ ᠳᠡᠭ᠍ᠷᠢᠯᠢᠭ᠌ ᠭᠡᠯᠡ ᠰᠤᠶᠤᠯ᠂ ᠣᠩᠭ᠋ᠤᠨ ᠳᠠᠷᠬᠠᠨ ᠪᠠᠢ᠌ᠭᠠᠯᠢ ᠣᠷᠴᠢᠨ ᠶᠢᠡᠨ ᠪᠠᠯᠠᠯᠠᠵᠤ ᠬᠠᠶᠠᠬᠤ ᠭᠡᠮᠡᠨ ᠭᠡᠵᠢᠶ᠎ᠡ ᠴᠤ ᠪᠣᠳᠤᠬᠤ ᠦᠭᠡᠶ ᠪᠠᠢ᠌ᠬ᠎ᠠ ᠡ ︕

ᠰᠤᠷᠭᠠᠭᠤᠯᠢ ᠡᠴᠡ ᠵᠤᠬᠢᠶᠠᠨ ᠪᠠᠢ᠌ᠭᠤᠯᠵᠤ᠂ ᠪᠢᠳᠠ ᠦᠪᠠᠰᠤᠪᠠᠨ ᠭᠦᠳᠡᠯᠦᠯᠴᠡᠨ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠶᠢᠨ ᠳᠡᠦᠭᠡᠨ ᠳᠡᠭᠡᠷᠡᠭᠢ ᠠᠩᠬᠠᠳᠤᠭᠠᠷ ᠣᠳᠠᠭᠠᠨ ᠤ 《ᠰᠢᠯᠦᠭ᠌ ᠤᠨ ᠥᠳᠡᠰᠢᠯᠯᠡᠭᠡ》 ᠶ᠋ᠢ ᠮᠠᠨ ᠤ ᠠᠩᠭᠢ ᠶᠢᠨ ᠭᠢᠨ ᠡᠷᠭᠢᠯᠡᠯ᠎ᠡ᠃ ᠪᠠᠭᠡᠵᠢᠩ ᠳᠤ ᠪᠠᠢ᠌ᠭ᠎ᠠ ᠤᠳᠬ᠎ᠠ ᠵᠤᠬᠢᠶᠠᠯ ᠤᠨ ᠨᠠᠷ᠎ᠠ ᠭᠦᠡᠳᠦᠳᠤ ᠭᠦᠮᠦᠰ ᠢ ᠪᠦᠷ ᠳᠠᠭᠤᠳᠠᠭᠰᠠᠨ ᠪᠦᠭᠡᠳ ᠪᠢᠴᠢᠭ᠍ᠰᠡᠨ ᠰᠢᠯᠦᠭ᠌ ᠶᠢᠡᠨ ᠭᠠᠷ ᠠᠯᠴᠢᠭᠤᠷ ᠳᠡᠭᠡᠷ᠎ᠡ ᠳᠠᠷᠤᠮᠠᠯᠯᠠᠨ ᠵᠡᠭᠡᠯᠢ ᠳᠡᠭᠡᠭᠦᠷ ᠳᠠᠷᠬᠠᠭᠠᠵᠤ᠂ ᠪᠠᠰᠠ ᠢᠷᠡᠭ᠍ᠰᠡᠨ ᠵᠤᠴᠢᠳ ᠲᠠᠭᠠᠨ ᠳᠤᠷᠠᠰᠬᠠᠯ ᠪᠣᠯᠭᠠᠨ ᠪᠠᠯᠡᠭᠯᠡᠪᠡ᠃ ᠨᠠᠩ ᠴᠤ ᠡᠨᠡ ᠣᠳᠠᠭᠠᠨ ᠤ 《ᠰᠢᠯᠦᠭ᠌ ᠤᠨ ᠥᠳᠡᠰᠢᠯᠡᠭᠡ》 ᠳᠡᠭᠡᠷ᠎ᠡ ᠡᠩᠭᠡᠬᠠᠳᠡ ᠪᠢᠳᠠ ᠬᠤᠶᠠᠷ ᠣᠯᠠᠨ ᠤ ᠡᠮᠦᠨ᠎ᠡ ᠭᠠᠷᠴᠤ᠂ ᠴᠠᠪᠠᠷ ᠮᠤᠩᠭ᠋ᠤᠯ ᠶᠢᠡᠷ ᠰᠢᠯᠦᠭ᠌ ᠣᠶᠠᠩᠭ᠋ᠠᠯᠠᠭᠰᠠᠨ ᠨᠢ ᠡᠨᠡ ᠣᠳᠠᠭᠠᠨ ᠤ ᠥᠳᠡᠰᠢᠯᠡᠭᠡ ᠳᠤ ᠰᠠᠨᠠᠭᠠᠨ ᠡᠴᠡ ᠭᠠᠳᠠᠭᠤᠷ ᠥᠩᠭᠡ ᠪᠣᠳᠤᠭ ᠨᠠᠮᠠᠷᠢᠯᠠᠵᠤ᠂ ᠨᠠᠢ᠌ᠷ ᠢ ᠣᠯᠠᠮ ᠭᠦᠭ᠍ᠵᠢᠭᠡᠯ᠎ᠡ ᠭᠡᠵᠤ ᠪᠢ ᠬᠤᠪᠢᠨ ᠳᠠᠭᠠᠨ ᠳᠠᠭᠠᠮᠠᠭᠯᠠᠵᠤ ᠪᠠᠢ᠌ᠨ᠎ᠠ᠃ ᠥᠳᠡᠰᠢᠯᠡᠭᠡ ᠡᠭᠢᠯᠡᠭᠦ ᠡᠴᠡ ᠬᠠᠭᠠᠰ ᠴᠠᠭ ᠤᠨ ᠡᠮᠤᠨ᠎ᠡ ᠬᠤᠶᠠᠭᠤᠯᠠ ᠪᠠᠢ᠌ᠷᠢᠨ ᠳᠠᠭᠠᠨ ᠦᠪᠴᠢ ᠮᠤᠩᠭ᠋ᠤᠯ ᠵᠠᠰᠠᠯ ᠶᠢᠡᠷ ᠭᠤᠶᠤᠯᠠᠴᠢᠬᠠᠭᠠᠤᠨ ᠠᠰᠠᠷ ᠡᠴᠡ ᠪᠠᠭᠤᠵᠤ ᠢᠷᠡᠭᠦ ᠳᠤ᠂ ᠶᠡᠭᠡ ᠳᠢᠩᠭᠡᠮ ᠳᠤ ᠭᠦᠯᠢᠶᠡᠵᠤ ᠪᠠᠢ᠌ᠭᠰᠠᠨ ᠪᠠᠭᠰᠢ ᠰᠤᠷᠤᠭᠴᠢᠳ ᠥᠵᠡᠭᠡᠳ ᠳᠤᠤᠷ᠎ᠠ ᠪᠠᠨ ᠣᠤᠬᠠᠢ᠌ᠯᠠᠨ ᠬᠠᠰᠭᠢᠷᠤᠯᠳᠤᠭᠠᠤᠨ ᠰᠤᠢ᠌ᠳ ᠪᠣᠯᠪᠠ᠃ ᠭᠠᠷ ᠤᠨ ᠥᠰᠦᠭ᠌ ᠶᠢᠡᠨ ᠵᠢᠷᠤᠭ᠎ᠠ ᠭᠦᠡᠳᠡᠯᠡᠨ ᠪᠦᠰ ᠳᠡᠭᠡᠷ᠎ᠡ ᠬᠤᠶᠠᠭᠤᠯᠠ ᠪᠣᠰᠤᠭ᠎ᠠ ᠮᠤᠩᠭ᠋ᠤᠯ ᠥᠰᠦᠭ᠌ ᠶᠢᠡᠷ ᠨᠠᠷ᠎ᠠ ᠣᠪᠣᠭ ᠶᠢᠡᠨ ᠳᠠᠳᠠᠯᠠᠨ ᠪᠢᠴᠢᠭᠡᠳ ᠣᠷᠭᠢᠬᠤ ᠳᠤ ᠳᠠᠷᠠ ᠠᠷᠪᠢᠨ ᠭᠡᠪᠳᠡᠭᠡ ᠥᠰᠦᠭ᠌ ᠤᠨ ᠳᠤᠮᠳᠠ ᠡᠴᠡ ᠥᠩᠭᠡ ᠢᠯᠭᠠᠷᠠᠭᠠᠤᠨ ᠶᠠᠪᠣᠴᠢᠬᠠᠯ᠎ᠠ᠃ ᠥᠳᠡᠰᠢᠯᠡᠭᠡ ᠳᠤ ᠪᠡᠯᠡᠳᠭᠡᠨ ᠶᠠᠭᠠᠷᠠᠵᠤ ᠪᠠᠢ᠌ᠭᠰᠠᠨ ᠮᠠᠨᠠᠢ᠌ᠭᠢᠰ ᠳᠠᠷᠠ ᠵᠠᠭᠤᠷ᠎ᠠ ᠭᠢᠳᠠᠯ ᠶᠢᠡᠨ ᠮᠠᠷᠳᠠᠨ ᠪᠢᠳᠠ ᠬᠤᠶᠠᠷ ᠲᠡᠶ ᠰᠡᠭᠦᠳᠡᠷ ᠳᠠᠳᠠᠭᠤᠯᠤᠭᠠᠤᠨ ᠭᠦᠯ ᠪᠣᠯᠵᠠᠢ᠃ ᠶᠠᠮᠠᠷᠪᠠ ᠦᠨᠳᠦᠰᠦᠳᠠᠨ ᠤ ᠶᠠᠭᠤᠮ᠎ᠠ ᠦᠪᠡᠷ ᠤᠨ ᠣᠠᠴᠠᠯᠢᠭ ᠨᠠᠮᠪᠠ ᠪᠠᠨ ᠬᠠᠳᠠᠭᠠᠯᠠᠵᠤ ᠴᠢᠳᠠᠪᠠᠯ ᠰᠠ‍‌ᠶᠢ ᠦᠨ᠎ᠡ ᠳᠤ ᠭᠦᠷᠳᠡᠭ᠌ ᠢ ᠳᠠᠷᠠ ᠣᠷᠤᠢ ᠪᠢ ᠨᠢᠳᠤ ᠪᠠᠷ ᠶᠢᠡᠨ ᠦᠵᠡᠵᠤ ᠪᠢᠯᠠ ︕

ᠭᠠᠳᠠᠭᠰᠢ ᠭᠠᠷᠭᠠᠵᠤ ᠭᠠᠵᠠᠷ ᠣᠰᠤ ᠥᠵᠡᠭᠦᠯᠤᠨ ᠨᠢᠳᠤ ᠨᠡᠭᠡᠭᠡᠯᠭᠡᠭᠦ ᠶᠢᠨ ᠳᠠᠭᠠᠤ ᠨᠡᠢ᠌ᠭᠡᠮ ᠤᠨ ᠥᠢᠯᠡᠳᠦᠯᠭᠡ ᠳᠤ ᠣᠷᠤᠯᠴᠠᠭᠤᠯᠬᠤ ᠪᠣᠯ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠶᠢᠨ ᠵᠠᠯᠠᠭᠤ ᠵᠤᠬᠢᠶᠠᠯᠴᠢᠳ ᠶᠢᠡᠨ ᠭᠠᠷᠰᠢᠭᠤᠯᠬᠤ ᠰᠠᠢ᠌ᠨ ᠠᠷᠭ᠎ᠠ᠃ ᠭᠢᠳᠠᠤᠨ ᠤᠳ ᠳᠤᠰ ᠤᠳᠬ᠎ᠠ ᠵᠤᠬᠢᠶᠠᠯ ᠤᠨ ᠰᠤᠷᠭᠠᠭᠤᠯᠢ ᠪᠠᠨ ᠢᠷᠭᠡᠨ ᠣᠯᠤᠰ ᠤᠨ ᠦᠶ᠎ᠡ ᠶᠢᠨ 《ᠬᠤᠸᠠᠩᠫᠦ᠋ ᠶᠢᠨ ᠴᠡᠷᠢᠭ᠌ ᠤᠨ ᠰᠤᠷᠭᠠᠭᠤᠯᠢ》 ᠲᠡᠶ ᠪᠠᠨ ᠵᠡᠷᠭᠡᠴᠡᠭᠦᠯᠤᠨ ᠥᠵᠡᠳᠡᠭ᠌ ᠨᠢ ᠣᠴᠢᠷᠳᠠᠢ ᠪᠠᠢ᠌ᠬ᠎ᠠ᠃ ᠭᠡᠳᠤ ᠴᠤ ᠣᠳᠠᠭᠠᠨ ᠤ ᠶᠠᠷᠢᠯᠴᠠᠭ᠎ᠠ ᠳᠠᠢ᠌ᠯᠤᠨ ᠳᠡᠭᠡᠷ᠎ᠡ ᠪᠠᠨ ᠤᠳᠬ᠎ᠠ ᠵᠤᠬᠢᠶᠠᠯ ᠤᠨ ᠣᠨᠤᠯᠴᠢᠳ ᠡᠴᠡ ᠡ᠊ᠨᠳᠡ ᠰᠤᠷᠤᠯᠴᠠᠭ᠎ᠠ ᠵᠠᠯᠠᠭᠤ ᠵᠤᠬᠢᠶᠠᠯᠴᠢᠳ ᠶᠢᠡᠨ ᠳᠤᠮᠳᠠᠳᠤ ᠶᠢᠨ ᠣᠳᠤ ᠦᠶ᠎ᠡ ᠶᠢᠨ ᠣᠷᠠᠨ ᠵᠤᠬᠢᠶᠠᠯ ᠤᠨ ᠢᠷᠡᠭᠡᠳᠦᠢ ᠭᠡᠮᠡᠨ ᠦᠨᠳᠦᠷ ᠦᠨᠡᠯᠠᠵᠤ ᠪᠠᠢ᠌ᠬᠤ ᠶᠢ ᠰᠤᠨᠤᠰᠤᠯ᠎ᠠ᠃ ᠡᠢ᠌ᠮᠤ ᠮᠤᠠᠳᠠᠭ ᠶᠡᠭᠡ ᠪᠣᠳᠠᠰ ᠤᠨ ᠭᠦᠴᠤᠨ᠂ ᠭᠦᠮᠤᠨ ᠤ ᠭᠦᠴᠤᠨ ᠢ ᠰᠥᠢᠳᠭᠡᠵᠤ ᠪᠠᠢ᠌ᠭᠠᠤᠨ ᠳᠤᠰᠬᠠᠢ ᠵᠤᠬᠢᠶᠠᠯᠴᠢᠳ ᠢ ᠭᠦᠮᠦᠵᠢᠭᠦᠯᠵᠤ ᠪᠠᠢ᠌ᠭ᠎ᠠ ᠶᠤᠮ ᠴᠢᠨᠢ ᠵᠤᠭᠢᠬᠤ ᠬᠠᠷᠢᠭᠤ ᠪᠠᠨ ᠣᠯᠬᠤ ᠨᠢ ᠯᠠᠪᠳᠠᠢ᠃

ᠳᠡᠷᠢᠭᠦᠨ ᠣᠳᠠᠭ᠎ᠠ ᠨᠢ ᠪᠠᠭᠰᠢ ᠰᠤᠷᠤᠭᠴᠢᠳ ᠵᠢᠷᠠ ᠭᠠᠷᠤᠢ ᠭᠦᠮᠤᠨ ᠳᠤᠰᠬᠠᠢ ᠬᠤᠶᠠᠷ ᠠᠶᠠᠠᠴᠢᠳ ᠤᠨ ᠳᠡᠷᠭᠡ ᠪᠠᠷ ᠪᠠᠭᠡᠵᠢᠩ ᠡᠴᠡ ᠮᠤᠷᠳᠠᠵᠤ᠂ ᠾᠸᠪᠧᠢ ᠮᠤᠵᠢ ᠶᠢᠨ ᠫᠢᠩ ᠱᠠᠨ ᠪᠣᠯᠤᠨ ᠹᠦ᠋ ᠫᠢᠩ ᠬᠤᠶᠠᠷ ᠰᠢᠶᠠᠨ ᠶᠢᠡᠷ ᠳᠠᠭᠠᠷᠢᠨ ᠰᠢ ᠪᠠᠢ ᠫᠦᠸᠧ᠂ ᠶᠢᠨ ᠴᠠ ᠵᠢᠢ᠌ ᠵᠡᠷᠭᠡ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠳ ᠶᠢᠡᠷ ᠡᠷᠭᠢᠨ ᠦᠵᠡᠯ᠎ᠠ᠃ ᠪᠠᠰᠠ ᠳᠤᠰ ᠬᠤᠶᠠᠷ ᠰᠢᠶᠠᠨ ᠤ ᠨᠤᠳᠤᠭ ᠳᠡᠪᠢᠰᠭᠡᠷ ᠳᠡᠭᠡᠷ᠎ᠡ ᠪᠠᠢ᠌ᠭ᠎ᠠ ᠥᠵᠡᠰᠭᠦᠯᠡᠩᠳᠤ ᠰᠠᠢ᠌ᠬᠠᠨ ᠠᠭᠤᠯᠠ ᠣᠰᠤ ᠪᠠᠷ ᠳᠤᠭᠤᠷᠢᠨ ᠵᠤᠭᠠᠴᠠᠵᠤ᠂ ᠨᠢᠳᠤ ᠪᠠᠨ ᠬᠤᠵᠢᠷᠯᠠᠨ ᠰᠡᠳᠭᠢᠯ ᠶᠢᠡᠨ ᠰᠡᠷᠭᠦᠭᠡᠪᠡ᠃ ᠨᠤᠳᠤᠭ ᠪᠠᠢ᠌ᠭᠠᠯᠢ᠂ ᠰᠤᠶᠤᠯ ᠳᠡᠦᠭᠡ ᠶᠢᠨ ᠳᠠᠪᠠᠭᠤᠯᠢᠭ ᠶᠢᠡᠨ ᠠᠰᠢᠭᠯᠠᠨ ᠦᠪᠡᠷ ᠢ ᠪᠠᠨ ᠪᠠᠶᠠᠵᠢᠭᠤᠯᠤᠨ ᠭᠦᠯᠵᠢᠭᠦᠯᠵᠤ ᠪᠠᠢ᠌ᠭ᠎ᠠ ᠨᠢ ᠰᠤᠷᠤᠯᠴᠠᠭᠤᠰᠢᠳᠠᠢ ᠪᠠᠢ᠌ᠨ᠎ᠠ᠃ ᠬᠠᠵᠠᠭᠤ ᠳᠤ ᠪᠠᠢ᠌ᠬᠤ ᠡᠭᠢ ᠪᠠᠶᠠᠯᠢᠭ ᠶᠢᠡᠨ ᠡᠵᠡᠯᠡᠵᠤ ᠨᠡᠭᠡᠭᠡᠵᠤ ᠮᠡᠳᠡᠭᠦ ᠦᠭᠡᠶ ᠭᠦᠮᠤᠨ ᠳᠤ ᠠᠯᠳᠠᠴᠢᠬᠠᠭᠠᠤᠨ ᠬᠣᠢ᠌ᠨ᠎ᠡ ᠨᠢ ᠮᠢᠨᠤ ᠪᠠᠢ᠌ᠯ᠎ᠠ ᠭᠡᠳ ᠠᠮᠠ ᠪᠠᠨ ᠪᠠᠷᠢᠵᠤ ᠰᠠᠭᠤᠬᠤ ᠪᠠᠷ ᠡᠷᠳᠡᠨ ᠡᠴᠡ ᠭᠠᠷ ᠭᠦᠳᠡᠯᠤᠨ ᠦᠪᠡᠷ ᠤᠨ ᠶᠠᠭᠤᠮᠠᠨ ᠳᠠᠭᠠᠨ ᠦᠪᠡᠷ ᠶᠢᠡᠨ ᠡᠵᠡᠨ ᠪᠣᠯᠬᠤ ᠨᠢ ᠵᠥᠭᠡᠷ ᠪᠠᠢ᠌ᠬ᠎ᠠ ᠳ᠋ᠠ᠃ ᠮᠤᠩᠭ᠋ᠤᠯᠴᠤᠳ ᠶᠠᠷᠤ ᠨᠢ ᠦᠪᠡᠷ ᠤᠨ ᠨᠤᠳᠤᠭ ᠳᠡᠭᠡᠷ᠎ᠡ ᠪᠠᠢ᠌ᠬᠤ ᠶᠠᠭᠤᠮ᠎ᠠ ᠪᠠᠨ ᠦᠪᠡᠷ ᠶᠢᠡᠨ ᠨᠡᠭᠡᠭᠡᠵᠤ ᠠᠰᠢᠭᠯᠠᠵᠤ ᠴᠢᠳᠠᠬᠤ ᠦᠭᠡᠶ ᠭᠦᠮᠤᠨ ᠤ ᠭᠠᠷ ᠨᠢᠭᠤᠷ ᠬᠠᠷᠠᠭᠰᠠᠭᠠᠷ ᠪᠠᠢ᠌ᠭᠠᠤᠨ ᠡᠴᠦᠰ ᠲᠡᠭᠡᠨ ᠨᠤᠳᠤᠭ ᠴᠤ ᠦᠭᠡᠶ᠂ ᠪᠠᠯᠴᠢᠭᠡᠷ ᠴᠤ ᠦᠭᠡᠶ ᠬᠤᠭᠤᠰᠤᠨ ᠬᠤᠴᠤᠷᠴᠤ ᠪᠠᠢ᠌ᠭ᠎ᠠ ᠪᠠᠨ ᠣᠬᠠᠭᠠᠷᠠᠬᠤ ᠭᠡᠷᠡᠭ᠍ᠳᠡᠢ ᠪᠣᠯᠵᠤ ᠪᠠᠢ᠌ᠨ᠎ᠠ ︕

ᠳᠠᠷᠠᠭ᠎ᠠ ᠣᠳᠠᠭ᠎ᠠ ᠨᠢ ᠪᠢᠳᠠ ᠴᠦᠩᠴᠢᠩ ᠶᠢᠡᠷ ᠠᠶᠠᠯᠠᠪᠠ᠃ ᠡᠨᠡ ᠣᠳᠠᠭᠠᠨ ᠤ ᠠᠶᠠᠯᠠᠯ ᠶᠢᠡᠨ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠶᠢᠨ ᠳᠡᠦᠭᠡᠨ ᠳᠡᠭᠡᠷᠡᠭᠢ ᠬᠠᠮᠤᠭ ᠤᠨ ᠬᠤᠯᠠ ᠠᠶᠠᠯᠠᠯ ᠭᠡᠮᠡᠨ ᠭᠡᠯᠡᠵᠤ ᠪᠠᠢ᠌ᠨ᠎ᠠ᠃ ᠣᠤᠯ ᠨᠢ ᠴᠦᠩᠴᠢᠩ ᠣᠷᠤᠭᠤ ᠨᠢᠰᠭᠦ ᠭᠡᠵᠤ ᠪᠠᠢ᠌ᠭᠠᠤᠨ ᠠᠶᠤᠯ ᠦᠭᠡᠶ ᠶᠢ ᠪᠣᠳᠤᠨ ᠵᠥᠭᠡᠯᠡᠨ ᠣᠷᠤ ᠲᠡᠶ ᠣᠠᠴᠠ ᠬᠤᠷᠳᠤᠨ ᠭᠠᠯᠳᠤ ᠳᠡᠷᠭᠡ ᠪᠠᠷ ᠠᠶᠠᠯᠠᠵᠠᠢ᠃ ᠪᠦᠭᠦᠢᠯᠡ ᠨᠢᠭᠡ ᠸᠠᠭᠤᠨ ᠢ ᠪᠦᠷ ᠮᠠᠨᠠᠢ᠌ᠭᠢᠨ ᠡᠵᠡᠯᠡᠭᠡᠳ ᠠᠪᠴᠢᠬᠠᠭᠰᠠᠨ ᠪᠣᠯᠬᠤ ᠪᠠᠷ ᠴᠠᠭ ᠥᠩᠭᠡᠷᠡᠵᠤ᠂ ᠵᠠᠮ ᠬᠤᠷᠤᠭᠳᠠᠬᠤ ᠨᠢ ᠳᠦᠷᠭᠡᠨ᠃ ᠨᠠᠭᠠᠳᠤᠵᠤ ᠨᠠᠷᠭᠢᠭᠰᠠᠭᠠᠷ ᠪᠠᠢ᠌ᠭᠠᠤᠨ ᠨᠢᠭᠡ ᠮᠡᠳᠡᠭᠦ ᠳᠤ ᠭᠡᠳᠥᠢᠨᠡᠢ ᠭᠦᠷᠳᠡᠭ᠌ ᠭᠠᠵᠠᠷ ᠶᠢᠡᠨ ᠭᠦᠷᠴᠢᠭᠡᠵᠡᠢ᠃ ᠭᠦᠷᠦᠭ᠍ᠰᠡᠨ ᠡᠳᠦᠷ ᠶᠢᠡᠨ ᠪᠢᠳᠠ ᠴᠦᠩᠴᠢᠩ ᠳᠤ ᠥᠳᠡᠯᠡᠭ᠍ᠰᠡᠨ ᠦᠭᠡᠶ ᠪᠠᠷ ᠳᠡᠷᠭᠡ ᠰᠤᠯᠢᠨ ᠦᠷᠭᠦᠯᠵᠢᠯᠡᠨ ᠠᠶᠠᠯᠠᠵᠤ᠂ ᠵᠠᠮ ᠶᠢᠡᠷ ᠶᠢᠡᠨ ᠳ᠋ᠠ ᠽᠤ ᠶᠢᠨ ᠬᠠᠳᠠᠨ ᠰᠠᠢ᠌ᠯᠤᠮᠠᠯ ᠢ ᠰᠤᠨᠢᠷᠬᠠᠭᠠᠤᠨ ᠰᠢᠭᠤᠳ ᠭᠦᠢᠵᠸᠤ ᠮᠤᠵᠢ ᠶᠢᠨ ᡂᠢ ᠱᠦᠢ ᠬᠤᠳᠠᠨ᠎ᠠ ᠭᠦᠷᠴᠤ ᠪᠠᠭᠤᠳᠠᠯᠯᠠᠯ᠎ᠠ᠃ ᠣᠷᠤᠢ ᠨᠢ ᡂᠢ ᠱᠦᠢ ᠬᠤᠳᠠ ᠶᠢᠨ ᠳᠠᠯ᠎ᠠ ᠡᠴᠡ ᠪᠡᠯᠡᠳᠭᠡᠭ᠍ᠰᠡᠨ ᠴᠢᠯᠡᠭᠡ ᠳᠠᠢ᠌ᠯᠬᠤ ᠨᠠᠢ᠌ᠷ ᠲᠤ ᠰᠠᠭᠠᠳᠠᠨ ᠳᠤᠰᠬᠠᠢ ᠪᠢᠳᠠᠨ ᠳᠤ ᠵᠤᠷᠢᠭᠤᠯᠤᠭᠰᠠᠨ ᠥᠳᠡᠰᠢᠯᠡᠭᠡ ᠳᠤ ᠨᠢ ᠰᠠᠭᠤᠪᠠ᠃ ᠥᠳᠡᠰᠢᠯᠡᠭᠡ ᠳᠡᠭᠡᠷ᠎ᠡ ᠡᠩᠭᠡᠬᠠᠳᠡ ᠪᠢᠳᠠ ᠬᠤᠶᠠᠷ ᠰᠤᠷᠭᠠᠭᠤᠯᠢ ᠪᠠᠨ ᠲᠦᠯᠦᠭᠡᠯᠡᠨ ᠳᠠᠳᠠᠨ ᠳᠤ ᠮᠤᠩᠭ᠋ᠤᠯ ᠨᠠᠢ᠌ᠷ ᠤᠨ ᠳᠠᠭᠤᠤ ᠪᠠᠷᠢᠵᠠᠢ᠃ ᠬᠠᠮᠢᠭ᠎ᠠ ᠭᠦᠷᠦᠭ᠍ᠰᠡᠨ ᠴᠤ ᠰᠤᠶᠤᠯ ᠶᠢᠡᠨ ᠳᠠᠨᠢᠭᠤᠯᠵᠤ᠂ ᠰᠤᠶᠤᠯ ᠶᠢᠡᠷ ᠶᠢᠡᠨ ᠳᠠᠨᠢᠭᠳᠠᠬᠤ ᠨᠢ ᠰᠠᠢ᠌ᠨ ᠣᠴᠢᠷ᠃ ᠭᠦᠮᠤᠨ ᠤ ᠰᠤᠶᠤᠯ ᠲᠡᠶ ᠵᠡᠷᠭᠡᠴᠡᠭᠦᠯᠤᠨ ᠦᠪᠡᠷ ᠤᠨ ᠰᠤᠶᠤᠯ ᠶᠢᠡᠨ ᠣᠬᠠᠭᠤᠯᠵᠤ᠂ ᠥᠵᠡᠭᠦᠯᠵᠤ᠂ ᠪᠢᠰᠢᠷᠡᠭᠦᠯᠵᠤ ᠴᠢᠳᠠᠪᠠᠯ ᠰᠠ‍‌ᠶᠢ ᠠᠮᠢᠳᠤ ᠶᠠᠪᠣᠭᠰᠠᠨ ᠤ ᠣᠢ᠌ᠯᠠ ᠪᠦᠳᠤᠨ᠎ᠡ᠃ ᠥᠳᠡᠰᠢᠯᠡᠭᠡ ᠳᠤ ᠰᠠᠭᠠᠳᠠᠭᠰᠠᠨ ᠳᠠᠷᠠ ᠪᠦᠭᠦᠨ ᠪᠢᠳᠠ ᠬᠤᠶᠠᠷ ᠤᠨ ᠳᠠᠭᠤᠯᠠᠭᠰᠠᠨ ᠳᠠᠭᠤᠤ ᠳᠤ ᠪᠢᠰᠢ᠂ ᠬᠠᠷᠢᠨ ᠳᠡᠭ᠍ᠷᠢᠯᠢᠭ᠌ ᠰᠤᠶᠤᠯ ᠣᠷᠠᠯᠢᠭ ᠤᠨ ᠬᠠᠷ᠎ᠠ ᠠᠷᠢᠭᠢᠨ ᠳᠤ ᠦᠶ᠎ᠡ ᠦᠶ᠎ᠡ ᠮᠠᠨᠠᠷᠠᠭᠠᠤᠨ ᠠᠪᠴᠤ ᠪᠠᠢ᠌ᠯ᠎ᠠ ᠡ ︕ ᡂᠢ ᠱᠦᠢ ᠭᠡᠵᠤ ᠭᠦᠢᠵᠸᠤ ᠪᠣᠯᠤᠨ ᠰᠸᠴᠤᠸᠠᠨ ᠬᠤᠶᠠᠷ ᠮᠤᠵᠢ ᠶᠢᠨ ᠠᠭᠤᠯᠵᠠᠷ ᠳᠡᠭᠡᠷ᠎ᠡ ᠪᠠᠢ᠌ᠬᠤ ᠬᠤᠳᠠᠯᠳᠤᠭ᠎ᠠ ᠠᠷᠠᠯᠵᠢᠶ᠎ᠠ᠂ ᠠᠶᠠᠯᠠᠯ ᠵᠢᠭᠤᠯᠴᠢᠯᠠᠯ ᠤᠨ ᠣᠢ᠌ᠯᠠᠰ ᠢ ᠣᠶᠠᠯᠳᠤᠭᠤᠯᠤᠨ ᠭᠦᠭ᠍ᠵᠢᠭ᠍ᠰᠡᠨ ᠬᠤᠳᠠ᠃ ᠣᠤᠯ ᠤᠨ ᠪᠠᠢ᠌ᠭᠠᠯᠢᠯᠢᠭ ᠳᠦᠷᠭᠦ ᠪᠠᠨ ᠬᠠᠳᠠᠭᠠᠯᠠᠭᠰᠠᠨ ᠶᠠᠩᠵᠤ ᠪᠦᠷᠢ ᠶᠢᠨ ᠭᠦᠷᠭᠢᠷ᠎ᠡ ᠨᠤᠭᠦᠳ᠂ ᠣᠩᠭ᠋ᠤᠨ ᠪᠠᠯᠠᠷ ᠶᠢᠡᠷ ᠶᠢᠡᠨ ᠪᠠᠢ᠌ᠭ᠎ᠠ ᠭᠡᠮᠡᠷ ᠢᠭᠴᠤ ᠰᠠᠬᠤᠯᠢᠭ ᠣᠢ᠌ᠳᠤ ᠣᠷᠤᠨ ᠨᠢ ᠡᠨᠡ ᠬᠤᠳᠠ ᠶᠢ ᠭᠦᠮᠦᠰ ᠤᠨ ᠰᠡᠳᠭᠢᠯ ᠳᠤ ᠬᠤᠨᠤᠭᠠᠨ ᠭᠦᠷᠤᠨ ᠤ ᠰᠤᠨᠤᠷ ᠲᠤ ᠭᠦᠷᠭᠡᠵᠤ ᠪᠠᠢ᠌ᠨ᠎ᠠ᠃ ᠣᠨᠠᠭᠠᠨ ᠪᠠᠢ᠌ᠭᠠᠯᠢ᠂ ᠨᠤᠳᠤᠭ ᠣᠰᠤ ᠪᠠᠨ ᠬᠠᠢ᠌ᠷᠠᠯᠠᠨ ᠬᠠᠮᠠᠭᠠᠯᠠᠬᠤ ᠶᠢᠨ ᠠᠮᠢᠳᠤ ᠵᠢᠱᠢᠶ᠎ᠠ ᠶᠢ ᠡ᠊ᠨᠳᠡ ᠴᠤᠬᠤᠮ ᠥᠵᠡᠭᠦᠯᠦᠭᠡᠳ ᠳᠠᠯᠪᠢᠵᠠᠢ᠃ ᠨᠥᠭᠦᠭᠡᠳᠦᠷ ᠨᠢ ᠪᠢᠳᠠ ᡂᠢ ᠱᠦᠢ ᠳ᠋ᠠᠭᠢ ᠠᠶᠠᠯᠠᠯ ᠶᠢᠡᠨ ᠳᠠᠭᠤᠰᠬᠠᠭᠠᠤᠨ ᠬᠠᠭᠠᠰ ᠡᠳᠦᠷ ᠭᠡᠯᠳᠡᠢ ᠠᠶᠠᠯᠠᠨ ᠴᠦᠩᠴᠢᠩ ᠬᠤᠳᠠ ᠶᠢᠨ ᠡᠤ ᠯᠦᠩ ᠰᠢᠶᠠᠨ ᠳᠡᠭᠡᠷ᠎ᠡ ᠢᠷᠠᠪᠠ᠃ ᠬᠤᠶᠠᠷ ᠠᠭᠤᠯᠠ ᠶᠢᠨ ᠬᠤᠷᠮᠤᠢ ᠳᠠᠷᠠᠯᠠᠨ ᠡᠪᠳᠡᠢ᠌ᠭᠡᠨ ᠪᠠᠢ᠌ᠷᠢᠯᠠᠭᠰᠠᠨ ᠡᠤ ᠯᠦᠩ ᠰᠢᠶᠠᠨ ᠮᠦᠨᠴᠤ ᠠᠶᠠᠯᠠᠯ ᠵᠢᠭᠤᠯᠴᠢᠯᠠᠯ ᠤᠨ ᠣᠢ᠌ᠯᠠᠰ ᠢ ᠴᠢᠬᠤᠯᠠ ᠪᠠᠢ᠌ᠷᠢᠨ ᠳᠤ ᠳᠠᠯᠪᠢᠭᠰᠠᠨ ᠶᠢᠡᠷ ᠶᠢᠡᠨ ᠣᠠᠴᠠᠭᠠᠢ᠌ᠷᠠᠨ᠎ᠠ᠃ ᠮᠠᠷᠭᠠᠰᠢ ᠨᠢ ᠮᠠᠨᠤᠰ ᠡᠤ ᠯᠦᠩ ᠰᠢᠶᠠᠨ ᠤ ᠬᠠᠷᠢᠶᠠᠨ ᠳᠤ ᠪᠠᠢ᠌ᠭ᠎ᠠ ᠳᠡᠭ᠍ᠷᠢ ᠶᠢᠨ ᠬᠤᠳᠤᠭᠤᠷ᠂ ᠭᠠᠵᠠᠷ ᠤᠨ ᠠᠩ ᠭᠡᠮᠡᠨ ᠠᠯᠳᠠᠷᠰᠢᠭᠰᠠᠨ ᠵᠤᠭᠠᠴᠠᠯ ᠤᠨ ᠣᠷᠤᠨ ᠶᠢᠡᠷ ᠡᠷᠭᠢᠨ ᠰᠤᠨᠢᠷᠬᠠᠵᠤ᠂ ᠪᠠᠢ᠌ᠭᠠᠯᠢ ᠡᠭᠡ ᠶᠢᠨ ᠪᠦᠳᠦᠭᠡᠭ᠍ᠰᠡᠨ ᠰᠤᠳᠤᠨ ᠭᠠᠢ᠌ᠬᠠᠮᠰᠢᠭ ᠲᠤ ᠰᠥᠰᠦᠭᠯᠡᠨ ᠵᠠᠯᠪᠠᠷᠢᠯ᠎ᠠ᠃ ᠣᠷᠤᠢ ᠨᠢ ᠴᠦᠩᠴᠢᠩ ᠳᠤ ᠪᠣᠴᠠᠨ ᠢᠷᠠᠪᠠ᠃ ᠪᠦᠭᠦ ᠣᠯᠤᠰ ᠲᠠᠭᠠᠨ ᠨᠠᠷᠠᠳᠠᠢ ᠳᠤᠮᠤ ᠳᠡᠦᠭᠡᠨ ᠬᠤᠳᠠ ᠶᠢᠨ ᠨᠢᠭᠡ ᠪᠣᠯᠤᠭᠰᠠᠨ ᠴᠦᠩᠴᠢᠩ ᠤᠨ ᠶᠡᠭᠡ ᠪᠠᠭ᠎ᠠ ᠶᠢ ᠵᠥᠪᠭᠡᠨ ᠨᠢᠳᠤ ᠪᠠᠷ ᠬᠠᠷᠠᠭᠠᠤᠨ ᠭᠡᠯᠡᠵᠤ ᠴᠢᠳᠠᠬᠤ ᠶᠠᠭᠤᠮ᠎ᠠ ᠪᠢᠰᠢ᠃ ᠬᠠᠷᠢᠨ ᠵᠡᠭᠡᠯᠢ ᠳᠦᠭᠦᠷᠡᠩ ᠭᠦᠰᠭᠡᠷᠡᠵᠤ (ᠪᠣᠳᠤᠯᠢᠵᠤ) ᠪᠠᠢ᠌ᠭ᠎ᠠ ᠭᠦᠮᠤᠨ ᠬᠠᠷ᠎ᠠ᠂ ᠵᠠᠮ ᠶᠢᠡᠷ ᠨᠢ ᠰᠢᠬᠠᠯᠳᠤᠨ ᠣᠢ᠌ᠮᠠᠵᠤ ᠪᠠᠢ᠌ᠭ᠎ᠠ ᠳᠡᠷᠭᠡ ᠶᠢ ᠬᠠᠷᠠᠴᠢᠬᠠᠪᠠᠯ ᠴᠦᠩᠴᠢᠩ ᠭᠡᠴᠢᠨᠡᠨ ᠶᠡᠭᠡ ᠭᠡᠳᠡᠭ᠌ ᠢ ᠪᠠᠷᠤᠭᠯᠠᠪᠠᠴᠤ ᠪᠠᠷᠤᠭᠯᠠᠭᠠᠤᠨ ᠮᠡᠳᠡᠴᠢᠭᠡᠨ᠎ᠡ᠃ ᠴᠦᠩᠴᠢᠩ ᠳᠤ ᠪᠢᠳᠠ ᠨᠢᠭᠡ ᠦᠨᠵᠢᠨ ᠳᠡᠦᠭᠡᠳᠤ ᠭᠠᠵᠠᠷ ᠶᠢᠡᠷ ᠨᠢ ᠳᠤᠭᠤᠷᠢᠨ ᠭᠠᠢ᠌ᠬᠠᠵᠤ᠂ ᠵᠢᠷᠤᠭ ᠳᠤᠷᠠᠰᠬᠠᠯ ᠥᠯᠡᠳᠡᠭᠡᠪᠡ᠃ ᠠᠰᠠᠷ ᠪᠠᠷᠢᠯᠭ᠎ᠠ᠂ ᠣᠢ᠌ᠯᠠᠳᠪᠣᠷᠢ ᠬᠤᠳᠠᠯᠳᠤᠭ᠎ᠠ᠂ ᠭᠦᠮᠤᠨ ᠮᠠᠰᠢᠨ ᠨᠢ ᠳᠡᠩᠳᠡᠭᠦᠤ ᠠᠷᠪᠢᠨ ᠭᠡᠭᠦ ᠡᠴᠡ ᠪᠢᠰᠢ᠂ ᠠᠭᠠᠷ ᠠᠮᠢᠰᠬᠤᠯ ᠨᠢ ᠴᠢᠭᠢᠭ᠍ᠯᠢᠭ᠌ ᠰᠡᠷᠢᠭᠦᠨ᠂ ᠡᠪᠠᠰᠤ ᠮᠤᠳᠤ ᠪᠠᠷ ᠬᠤᠴᠢᠭᠳᠠᠨ ᠠᠭᠤᠯᠠ ᠣᠰᠤ ᠪᠠᠷ ᠭᠦᠷᠢᠶᠡᠯᠡᠭ᠍ᠳᠡᠭ᠍ᠰᠡᠨ ᠮᠦᠨᠴᠤ ᠰᠡᠳᠭᠢᠯ ᠳᠤ ᠳᠠᠭᠠᠷᠠᠮᠠᠷ ᠰᠠᠢ᠌ᠠᠭᠨ ᠭᠠᠵᠠᠷ ᠡ᠃ ᠪᠠᠢ᠌ᠨ ᠪᠠᠢ᠌ᠨ ᠵᠥᠭᠡᠯᠡᠨ ᠬᠤᠷ᠎ᠠ ᠵᠥᠰᠡᠷᠡᠭ᠍ᠰᠡᠨ ᠪᠦᠷᠭᠦᠭ᠌ ᠮᠠᠨᠠᠨ ᠲᠡᠶ ᠦᠷᠯᠦᠭᠡ ᠪᠢᠳᠠ ᠴᠦᠩᠴᠢᠩ ᠡᠴᠡ ᠪᠠᠭᠡᠵᠢᠩ ᠵᠥᠭ᠌ ᠮᠤᠷᠳᠠᠯ᠎ᠠ᠃

ᠴᠦᠩᠴᠢᠩ ᠶᠢᠡᠷ ᠠᠶᠠᠯᠠᠭᠠᠤᠨ ᠪᠣᠴᠠᠨ ᠢᠷᠡᠭᠦ ᠳᠤ ᠪᠢᠳᠠᠨ ᠤ ᠰᠤᠷᠤᠯᠴᠠᠯᠭ᠎ᠠ ᠶᠢᠨ ᠬᠤᠭᠤᠴᠠᠭ᠎ᠠ ᠵᠥᠪᠭᠡᠨ ᠭᠠᠭᠴᠠᠬᠠᠨ ᠰᠠᠷ᠎ᠠ ᠥᠯᠡᠳᠡᠭᠡᠳ ᠪᠠᠢ᠌ᠪᠠ᠃ ᠡᠳᠦᠷ ᠴᠠᠭ ᠶᠠᠭᠠᠭᠢᠭᠰᠠᠨ ᠬᠤᠷᠳᠤᠨ ᠥᠩᠭᠡᠷᠡᠭᠦ ᠶᠤᠮ ᠪᠣᠢ ᠭᠡᠵᠤ ᠪᠣᠳᠤᠬᠤ ᠳᠤ ᠪᠦᠭᠦᠳᠡ ᠶᠢᠨ ᠰᠡᠳᠭᠢᠯ ᠠᠳᠠᠯᠢᠬᠠᠨ ᠰᠠᠯᠵᠤ ᠪᠣᠳᠠᠷᠠᠬᠤ ᠶᠢᠨ ᠭᠠᠰᠢᠭᠤᠨ ᠭᠤᠨᠢᠭ ᠶᠢᠡᠷ ᠳᠦᠭᠦᠷᠤᠨ᠎ᠡ᠃ ᠨᠢᠭᠡ ᠮᠡᠳᠡᠭᠦ ᠳᠤ ᠪᠦᠭᠦ ᠠᠩᠭᠢ ᠪᠠᠷ ᠶᠢᠡᠨ ᠳᠤᠰ ᠳᠤᠰ ᠲᠠᠭᠠᠨ ᠶᠠᠩᠵᠤ ᠪᠦᠷᠢ ᠶᠢᠨ ᠭᠡᠯᠪᠠᠷᠢ ᠪᠠᠷ ᠰᠠᠯᠬᠤ ᠪᠡᠯᠡᠳᠭᠡᠯ ᠶᠢᠡᠨ ᠭᠢᠭᠡᠳ ᠶᠠᠭᠠᠷᠠᠵᠤ ᠡᠭᠢᠯᠡᠵᠡᠢ᠃ ᠵᠠᠷᠢᠮ ᠨᠢ ᠰᠡᠮᠡᠭᠡᠷᠭᠡᠨ ᠳᠡᠮᠳᠡᠭᠯᠡᠯ ᠤᠨ ᠳᠠᠪᠳᠠᠷ ᠳᠡᠭᠡᠷ᠎ᠡ ᠪᠠᠨ ᠭᠠᠷ ᠤᠨ ᠥᠰᠦᠭ᠌ ᠵᠢᠷᠤᠭᠤᠯᠤᠭᠠᠤᠨ ᠠᠮᠵᠢᠵᠤ ᠪᠠᠢ᠌ᠨ᠎ᠠ᠃ ᠵᠠᠷᠢᠮ ᠨᠢ ᠡᠪᠳᠡᠢ᠌ᠭᠡᠨ ᠳᠤᠤᠭᠤᠷ ᠨᠢᠭᠡ ᠨᠢᠭᠡᠨ ᠳᠡᠭᠡᠨ ᠪᠠᠯᠡᠭ᠌ ᠳᠤᠷᠠᠰᠬᠠᠯ ᠤᠨ ᠶᠠᠭᠤᠮ᠎ᠠ ᠭᠦᠷᠭᠡᠵᠤ ᠪᠠᠢ᠌ᠨ᠎ᠠ᠃ ᠵᠠᠷᠢᠮ ᠨᠢ ᠪᠦᠭᠦ ᠠᠩᠭᠢ ᠶᠢᠨ ᠨᠥᠭᠦᠤᠨ ᠶᠢᠡᠨ ᠨᠢᠭᠡ ᠨᠢᠭᠡ ᠪᠠᠷ ᠰᠡᠭᠦᠳᠡᠷᠯᠡᠨ ᠠᠪᠴᠤ᠂ ᠳᠤᠷᠠᠳᠬᠠᠯ ᠤᠨ ᠭᠦᠰᠢᠭᠡᠨ᠎ᠡ ᠮᠥᠩᠭᠡ ᠥᠯᠡᠳᠡᠭᠡᠭᠦ ᠭᠡᠳ ᠶᠠᠭᠠᠷᠠᠬᠤ ᠳᠤ ᠪᠠᠰᠠ ᠭᠡᠳᠤ ᠨᠢ ᠣᠯᠠᠨ ᠤ ᠵᠤᠬᠢᠶᠠᠯ ᠢ ᠴᠤᠭᠯᠠᠭᠤᠯᠤᠨ ᠡᠮᠭᠢᠳᠭᠡᠵᠤ᠂ ᠨᠤᠮ ᠪᠣᠯᠭᠠᠭᠠᠤᠨ ᠰᠤᠷᠭᠠᠭᠤᠯᠢ ᠶᠢᠨ ᠳᠡᠦᠭᠡᠨ ᠳᠤ ᠬᠤᠴᠤᠷᠭᠠᠬᠤ ᠭᠡᠵᠤ ᠭᠠᠳᠠᠭᠤᠷ ᠳᠤᠳᠤᠭᠤᠷ ᠭᠦᠶ‍ᠦᠯᠳᠤᠨ᠎ᠡ᠃ ᠶᠠᠷᠤ ᠨᠢ ᠠᠯᠢ ᠳᠠᠯ᠎ᠠ ᠡᠴᠡ ᠨᠢ ᠠᠪᠴᠤ ᠥᠵᠡᠭ᠍ᠰᠡᠨ ᠴᠤ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠶᠢᠨ ᠠᠷᠪᠠᠨ ᠳᠠᠪᠣᠳᠤᠭᠠᠷ ᠬᠤᠭᠤᠴᠠᠭᠠᠨ ᠤ ᠳᠤᠰ ᠠᠩᠭᠢ᠂ ᠰᠢᠨ᠎ᠡ ᠶᠠᠭᠤᠮ᠎ᠠ ᠶᠢ ᠰᠠᠳᠤᠨ ᠭᠢᠵᠤ᠂ ᠪᠦᠳᠦᠭᠡᠵᠤ ᠪᠦᠷᠢᠯᠳᠦᠭᠦᠯᠵᠤ ᠴᠢᠳᠠᠳᠠᠭ ᠶᠢᠡᠷ ᠶᠢᠡᠨ ᠣᠳᠤᠷᠢᠳᠤᠯᠭ᠎ᠠ ᠭᠢᠭᠡᠳ ᠪᠠᠭᠰᠢ ᠨᠡᠷ ᠲᠤ ᠪᠠᠨ ᠮᠠᠭᠳᠠᠭᠳᠠᠵᠤ ᠪᠠᠢ᠌ᠯ᠎ᠠ᠃ ᠳᠡᠭᠦᠰᠭᠦ ᠮᠦᠴᠡ ᠣᠯᠠᠮ ᠣᠯᠠᠮ ᠤᠢ᠌ᠷᠠᠳᠤᠨ ᠦᠳᠡᠰᠢ ᠪᠣᠯᠭᠠᠨ ᠰᠤᠷᠭᠠᠭᠤᠯᠢ ᠶᠢᠨ ᠴᠡᠴᠡᠷᠯᠢᠭ᠌ ᠤᠨ ᠳᠡᠷᠭᠡᠳᠡᠭᠢ ᠵᠤᠬᠢᠶᠠᠮᠠᠯ ᠨᠠᠭᠤᠷ ᠤᠨ ᠭᠦᠪᠠᠭᠡᠨ ᠳᠡᠭᠡᠷ᠎ᠡ ᠪᠣᠯᠵᠤᠭᠰᠠᠨ ᠦᠭᠡᠶ ᠪᠠᠷ ᠴᠤᠭᠯᠠᠷᠠᠭᠠᠤᠨ ᠳᠠᠭᠤᠤ ᠳᠠᠭᠤᠯᠠᠨ ᠨᠠᠭᠠᠳᠤᠮ ᠭᠠᠷᠭᠠᠵᠤ᠂ ᠨᠠᠷᠭᠢᠵᠤ ᠴᠠᠯᠭᠢᠵᠤ ᠰᠠᠭᠤᠰᠠᠨ ᠨᠢ ᠰᠠᠨᠠᠭᠠᠨ ᠡᠴᠡ ᠭᠠᠷᠳᠠᠭ ᠦᠭᠡᠶ᠃

ᠴᠠᠭ ᠳᠤᠯᠤᠭᠠᠤᠨ ᠢᠷᠡᠭᠦ ᠳᠤ ᠠᠵᠢᠯ ᠣᠴᠢᠷ ᠴᠤ ᠠᠷᠪᠢᠨ ᠭᠠᠷᠤᠭᠠᠤᠨ ᠢᠷᠡᠳᠡᠭ᠌ ᠶᠤᠮ ᠪᠠᠢ᠌ᠨ᠎ᠠ᠃ ᠰᠡᠭᠦᠯ ᠤᠨ ᠨᠢᠭᠡ ᠰᠠᠷ᠎ᠠ ᠳᠤ ᠰᠤᠯᠠ ᠡᠳᠦᠷ ᠲ᠋ᠦᠩ ᠬᠤᠪᠣᠷ᠃ 6 ᠰᠠᠷ᠎ᠠ ᠶᠢᠨ 14 ᠊ᠤ ᠦᠳᠡ ᠶᠢᠨ ᠡᠮᠤᠨ᠎ᠡ ᠠᠩᠭᠢ ᠪᠠᠷ ᠶᠢᠡᠨ ᠳᠤᠮᠳᠠᠳᠤ ᠣᠯᠤᠰ ᠤᠨ ᠰᠠᠠᠰᠠᠷ ᠤᠨ ᠠᠶᠠᠯᠠᠯ ᠤᠨ ᠰᠠᠭᠤᠷᠢᠨ ᠭᠠᠵᠠᠷ ᠶᠢᠡᠷ ᠳᠤᠭᠤᠷᠢᠨ ᠦᠵᠡᠯ᠎ᠠ᠃ ᠰᠠᠠᠰᠠᠷᠴᠢᠳ ᠤᠨ ᠰᠠᠠᠰᠠᠷ ᠲᠤ ᠭᠠᠷᠬᠤ ᠡᠴᠡ ᠪᠠᠨ ᠡᠮᠤᠨ᠎ᠡ ᠶᠠᠭᠠᠭᠢᠵᠤ ᠪᠣᠯᠪᠠᠰᠤᠷᠠᠨ᠂ ᠶᠠᠮᠠᠷ ᠶᠠᠮᠠᠷ ᠪᠠᠯᠠᠳᠭᠢᠯ ᠭᠢᠵᠤ ᠪᠠᠢ᠌ᠳᠠᠭ ᠢ ᠨᠢᠳᠤ ᠪᠠᠷ ᠶᠢᠡᠨ ᠬᠠᠷᠠᠪᠠ᠃ ᠰᠠᠠᠰᠠᠷ ᠶᠢᠡᠷ ᠠᠶᠠᠯᠠᠭᠰᠠᠨ ᠪᠠᠭᠠᠳᠤᠷ ᠯᠢᠤ ᠪᠦᠸᠧ ᠮᠢᠩ ᠲᠡᠶ ᠠᠭᠤᠯᠵᠠᠨ ᠭᠠᠷ ᠠᠳᠬᠤᠵᠤ᠂ ᠳᠤᠷᠠᠰᠬᠠᠯ ᠤᠨ ᠵᠢᠷᠤᠭ ᠠᠪᠬᠠᠭᠤᠯᠤᠯ᠎ᠠ᠃ ᠡᠨᠡ ᠪᠦᠭᠦᠨ ᠢ ᠡ᠊ᠨᠳᠡ ᠠᠵᠢᠯᠯᠠᠨ ᠠᠯᠪᠠᠯᠠᠵᠤ ᠪᠠᠢ᠌ᠭ᠎ᠠ ᠮᠠᠨ ᠤ ᠠᠩᠭᠢ ᠶᠢᠨ ᠨᠢᠭᠡ ᠬᠠᠮᠳᠤ ᠰᠤᠷᠤᠯᠭᠠᠳᠠᠨ ᠪᠠᠢ᠌ᠭᠤᠯᠭ᠎ᠠ ᠶᠢᠨ ᠣᠳᠤᠷᠢᠳᠤᠯᠭ᠎ᠠ ᠲᠡᠶ ᠪᠠᠨ ᠬᠠᠷᠢᠴᠠᠵᠤ ᠪᠠᠢ᠌ᠭᠠᠤᠨ ᠰᠠᠢ᠌ᠬᠠᠨ ᠳᠤᠭᠢᠷᠠᠭᠤᠯᠵᠤ᠂ ᠮᠠᠨᠤᠰ ᠲᠤ ᠨᠢᠳᠤ ᠨᠡᠭᠡᠭᠡᠭᠦ ᠵᠠᠪᠰᠢᠶᠠᠨ ᠣᠯᠭᠤᠭᠰᠠᠨ ᠶᠤᠮ᠃ 6 ᠰᠠᠷ᠎ᠠ ᠶᠢᠨ 21 ᠊ᠤ ᠦᠳᠡ ᠶᠢᠨ ᠡᠮᠦᠨ᠎ᠡ ᠠᠩᠭᠢ ᠪᠠᠨ ᠲᠦᠯᠦᠭᠡᠯᠡᠨ 25 ᠰᠤᠷᠤᠭᠴᠢ ᠳᠤᠮᠳᠠᠳᠤ ᠣᠯᠤᠰ ᠤᠨ ᠵᠤᠬᠢᠶᠠᠯᠴᠢᠳ ᠤᠨ ᠬᠤᠷᠢᠶᠠᠨ ᠳᠤ ᠣᠴᠢᠵᠤ᠂ 《ᠭᠠᠷ ᠣᠳᠠᠰᠤᠨ ᠤ ᠣᠷᠠᠨ ᠵᠤᠬᠢᠶᠠᠯ》 ᠡᠯᠰᠡᠭᠦ ᠨᠡᠭᠡᠭᠡᠯᠳᠡ ᠶᠢᠨ ᠶᠤᠰᠤᠯᠠᠯ ᠳᠤ ᠣᠷᠤᠯᠴᠠᠪᠠ᠃ ᠡᠭᠦᠨ ᠡᠴᠡ ᠪᠢᠳᠠ ᠭᠢᠳᠠᠤᠨ ᠤᠨ ᠭᠠᠷ ᠣᠳᠠᠰᠤᠨ ᠤ ᠣᠷᠠᠨ ᠵᠤᠬᠢᠶᠠᠯ ᠴᠤ ᠰᠦᠯᠵᠢᠶᠠᠨ ᠤ ᠣᠷᠠᠨ ᠵᠤᠬᠢᠶᠠᠯ ᠲᠡᠶ ᠠᠳᠠᠯᠢᠬᠠᠨ ᠭᠦᠭ᠍ᠵᠢᠭᠡᠳ ᠨᠢᠭᠡ ᠭᠡᠮᠵᠢᠶᠡᠨ ᠳᠤ ᠭᠦᠷᠴᠤ ᠪᠠᠢ᠌ᠬᠤ ᠶᠢ ᠣᠯᠵᠤ ᠦᠵᠡᠵᠤ ᠪᠣᠯᠤᠨ᠎ᠡ᠃ ᠦᠳᠡ ᠳᠤ ᠶ‍ᠧ ᠮᠸᠢ ᠪᠠᠭᠰᠢ ᠭᠦᠳᠡᠯᠭᠡᠭᠡᠨ ᠳᠤ ᠣᠷᠤᠯᠴᠠᠭᠰᠠᠨ ᠭᠡᠳᠤᠨ ᠰᠤᠷᠤᠭᠴᠢ ᠪᠠᠨ ᠳᠠᠭᠠᠭᠤᠯᠤᠨ 《ᠦᠨᠳᠦᠰᠦᠳᠠᠨ ᠤ ᠤᠳᠬ᠎ᠠ ᠵᠤᠬᠢᠶᠠᠯ》 ᠊ᠤᠨ ᠬᠤᠷᠢᠶᠠᠨ ᠳᠠᠭᠠᠨ ᠭᠦᠷᠭᠡᠯ᠎ᠡ᠃ ᠦᠨᠳᠦᠰᠦᠳᠠᠨ ᠤ ᠤᠳᠬ᠎ᠠ ᠵᠤᠬᠢᠶᠠᠯ ᠤᠨ ᠳᠤᠬᠠᠢ ᠰᠤᠯᠠ ᠵᠤᠭᠤᠭ ᠳᠡᠯᠭᠡᠭᠦ ᠶᠢᠨ ᠬᠠᠵᠠᠭᠤ ᠪᠠᠷ ᠬᠤᠭᠤᠯᠠᠨ ᠭᠡᠷ ᠡᠴᠡ ᠬᠤᠭᠤᠯᠠ ᠵᠠᠭᠢᠶᠠᠯᠠᠵᠤ ᠢᠷᠠᠨ ᠭᠡᠳᠦᠭᠦᠯᠡ ᠬᠤᠷᠠᠯ ᠤᠨ ᠭᠡᠷ ᠤᠨ ᠰᠢᠷᠡᠭᠡ ᠪᠠᠨ ᠳᠤᠭᠤᠷᠢᠨ ᠰᠠᠭᠤᠵᠠᠭᠠᠭᠠᠤᠨ ᠢᠳᠠᠵᠤ ᠣᠤᠭᠤᠵᠤ ᠭᠠᠷᠤᠯ᠎ᠠ᠃ ᠶ‍ᠧ ᠮᠸᠢ ᠪᠠᠭᠰᠢ ᠪᠣᠯᠤᠨ ᠤᠳᠬ᠎ᠠ ᠵᠤᠬᠢᠶᠠᠯ ᠤᠨ ᠬᠤᠷᠢᠶᠠᠨ ᠤ ᠨᠠᠢ᠌ᠷᠠᠭᠤᠯᠤᠭᠴᠢ᠂ ᠠᠵᠢᠯᠳᠠᠤᠨ ᠪᠢᠳᠠᠨ ᠲᠡᠶ ᠠᠯᠢ ᠭᠡᠵᠢᠶᠡᠨᠡᠢ ᠶᠢᠨ ᠳᠠᠨᠢᠯ ᠶᠤᠮ ᠰᠢᠭ ᠭᠦᠭᠡᠷᠦᠯᠳᠤᠨ ᠨᠠᠷᠭᠢᠵᠤ᠂ ᠬᠠᠨᠤᠳᠠᠯ᠎ᠠ ᠪᠠᠨ ᠪᠠᠶᠠᠰᠤᠯᠳᠤᠨ ᠳᠤᠭᠯᠠᠵᠠᠭᠠᠪᠠ᠃ ᠪᠢ ᠶᠡᠭᠡ ᠭᠦᠮᠤᠨ ᠭᠡᠳ ᠪᠠᠶ᠎ᠠ ᠪᠠᠨ ᠣᠯᠠᠨ ᠡᠴᠡ ᠳᠡᠭᠡᠭᠦᠷ ᠦᠵᠡᠨ ᠭᠦᠡᠳᠡᠢ᠌ᠷᠡᠵᠤ᠂ ᠣᠠᠴᠠᠭᠠᠢ᠌ᠷᠠᠵᠤ᠂ ᠭᠠᠭᠴᠠᠭᠠᠷᠳᠠᠵᠤ ᠶᠠᠪᠣᠭᠰᠠᠨ ᠡᠴᠡ ᠡᠨᠡ ᠰᠠᠢ᠌ᠬᠠᠨ ᠡ᠃ 《ᠦᠨᠳᠦᠰᠦᠳᠠᠨ ᠤ ᠤᠳᠬ᠎ᠠ ᠵᠤᠬᠢᠶᠠᠯ》 ᠰᠡᠳᠭᠦᠯ ᠤᠨ ᠬᠤᠷᠢᠶᠠᠨ ᠡᠴᠡ ᠭᠦᠮᠤᠨ ᠪᠦᠷᠢ ᠳᠤ 《ᠴᠥᠭᠡᠨ ᠳᠤᠭᠠᠳᠤ ᠦᠨᠳᠦᠰᠦᠳᠠᠨ ᠤ ᠵᠠᠯᠠᠭᠤ ᠵᠤᠬᠢᠶᠠᠯᠴᠢᠳ ᠤᠨ ᠪᠢᠷ ᠤᠨ ᠴᠤᠭᠯᠠᠭᠠᠨ》 ᠭᠡᠮᠡᠭᠦ ᠳᠤᠷᠠᠰᠬᠠᠯ ᠤᠨ ᠥᠰᠦᠭ᠌ ᠲᠡᠶ ᠳᠤᠳᠤᠷ ᠬᠠᠠᠳᠠᠭᠠᠵᠠ ᠪᠠᠨ ᠪᠠᠯᠡᠭᠯᠡᠯ᠎ᠡ᠃ ᠭᠢᠳᠠᠤᠨ ᠰᠡᠳᠭᠦᠯ ᠤᠨ ᠭᠢᠨ ᠠᠯᠪᠠᠨ ᠰᠢᠷᠡᠭᠡᠨ ᠤ ᠪᠠᠨ ᠬᠣᠢ᠌ᠨ᠎ᠠ ᠣᠴᠣᠢ᠌ᠵᠤ ᠰᠠᠭᠤᠴᠢᠬᠠᠭᠠᠤᠨ ᠵᠥᠪᠭᠡᠨ ᠡᠭᠡ ᠪᠢᠴᠢᠭ᠌ ᠢᠷᠡᠭᠦ ᠶᠢ ᠭᠦᠯᠢᠶᠡᠵᠤ ᠰᠠᠭᠤᠳᠠᠭ ᠪᠢᠰᠢ᠂ ᠬᠠᠷᠢᠨ ᠠᠷᠭ᠎ᠠ ᠪᠦᠭᠦᠨ ᠢ ᠰᠥᠪᠠᠭ᠍ᠴᠢᠯᠡᠨ ᠵᠤᠬᠢᠶᠠᠯᠴᠢᠳ ᠶᠢᠡᠨ ᠰᠡᠳᠭᠦᠯ ᠳᠡᠭᠡᠨ ᠳᠠᠳᠠᠵᠤ ᠣᠷᠮᠠᠰᠢᠭᠤᠯᠬᠤ᠂ ᠳᠠᠢ᠌ᠴᠢᠯᠠᠬᠤ ᠠᠵᠢᠯ ᠢ ᠭᠢᠳᠡᠭ᠌ ᠶᠤᠮ ᠪᠠᠢ᠌ᠨ᠎ᠠ᠃ ᠭᠢᠳᠠᠤᠨ ᠰᠡᠳᠭᠦᠯ ᠤᠨ ᠬᠠᠷᠠᠮᠵᠢ ᠮᠦᠩᠭᠦ ᠮᠢᠩᠭ᠋ᠠᠨ ᠥᠰᠦᠭ᠌ ᠲᠡᠭᠡᠨ ᠵᠠᠭᠤᠨ ᠳᠦᠭᠦᠷᠢᠭ᠌ ᠡᠴᠡ ᠣᠨᠠᠳᠠᠭ ᠦᠭᠡᠶ ᠪᠦᠭᠡᠳ ᠵᠤᠬᠢᠶᠠᠯ ᠤᠨ ᠴᠢᠨᠠᠷ ᠴᠢᠠᠰᠠᠭ᠎ᠠ ᠰᠠᠢ᠌ᠨ ᠪᠣᠯ ᠨᠤᠮ ᠭᠠᠷᠭᠠᠬᠤ ᠳᠤ ᠭᠡᠪᠯᠡᠯ ᠤᠨ ᠬᠤᠷᠢᠶᠠᠨ ᠳᠤ ᠮᠦᠩᠭᠦ ᠲᠦᠯᠦᠭᠦ ᠪᠢᠰᠢ᠂ ᠭᠡᠳᠡᠷᠭᠦ ᠬᠠᠷᠢᠨ ᠵᠤᠭᠢᠬᠤ ᠬᠠᠷᠠᠮᠵᠢ ᠮᠦᠩᠭᠦ ᠣᠯᠭᠤᠨ᠎ᠠ᠃ ᠡᠭᠦᠨ ᠲᠡᠶ ᠬᠠᠷᠢᠴᠠᠭᠤᠯᠪᠠᠯ ᠮᠤᠩᠭ᠋ᠤᠯ ᠨᠤᠮ ᠰᠡᠳᠭᠦᠯ ᠤᠨ ᠬᠤᠪᠢ ᠵᠠᠶᠠᠭ᠎ᠠ ᠴᠤᠬᠤᠮ ᠶᠠᠭᠤ ᠪᠣᠯᠵᠤ ᠪᠠᠢ᠌ᠨ᠎ᠠ ᠪᠣᠢ ⁈ ᠠᠷᠭ᠎ᠠ ᠲᠡᠶ ᠨᠢᠭᠡ ᠨᠢ ᠡ᠊ᠨᠳᠡ ᠳᠠᠠᠳᠠ ᠡᠴᠡ ᠵᠢᠭᠠᠬᠠᠨ ᠮᠦᠩᠭᠦ ᠠᠷᠭᠠᠯᠠᠭᠠᠤᠨ ᠨᠤᠮ ᠶᠢᠡᠨ ᠭᠠᠷᠭᠠᠴᠢᠬᠠᠨ᠎ᠠ᠃ ᠬᠠᠷᠢᠨ ᠠᠷᠭ᠎ᠠ ᠦᠭᠡᠶ ᠨᠢᠭᠡ ᠨᠢ ᠵᠤᠪᠠᠵᠤ ᠵᠦᠳᠠᠵᠤ ᠪᠠᠢ᠌ᠭᠠᠤᠨ ᠪᠢᠴᠢᠭ᠍ᠰᠡᠨ ᠶᠠᠭᠤᠮ᠎ᠠ ᠪᠠᠨ ᠳᠠᠪᠳᠠᠷᠯᠠᠵᠤ ᠪᠣᠯᠬᠤ ᠦᠭᠡᠶ ᠣᠢ᠌ᠯᠠ ᠪᠠᠨ ᠦᠵᠡᠨ᠎ᠡ᠃ ᠦᠨᠦᠳᠤᠷ ᠤᠨ ᠮᠤᠩᠭ᠋ᠤᠯᠴᠤᠳ ᠰᠤᠨᠢᠨ ᠰᠡᠳᠭᠦᠯ ᠢ ᠵᠠᠭᠢᠶᠠᠯᠠᠭᠠᠤᠨ ᠣᠩᠰᠢᠬᠤ ᠭᠡᠷᠡᠭ᠌ ᠦᠭᠡᠶ ᠭᠠᠷ ᠳᠡᠭᠡᠷ᠎ᠡ ᠨᠢ ᠠᠪᠠᠴᠢᠭᠠᠤᠨ ᠳᠠᠯᠪᠢᠭᠰᠠᠨ ᠴᠤ ᠥᠵᠡᠳᠡᠭ᠌ ᠭᠦᠮᠤᠨ ᠬᠤᠪᠣᠷᠳᠠᠵᠠᠢ᠃ ᠪᠠᠭᠡᠵᠢᠩ ᠳᠤ ᠭᠠᠵᠠᠷ ᠳᠤᠤᠷᠠᠭᠢ ᠭᠠᠯᠳᠤ ᠳᠡᠷᠭᠡᠨ ᠳᠤ ᠰᠠᠭᠤᠪᠠᠴᠤ᠂ ᠨᠠᠢ᠌ᠳᠠ ᠶᠢᠨ ᠮᠠᠰᠢᠨ ᠳᠤ ᠰᠠᠭᠤᠪᠠᠴᠤ ᠪᠦᠷ ᠳᠡᠷᠭᠡᠨ ᠳᠡᠭᠡᠷ᠎ᠡ ᠨᠤᠮ ᠦᠵᠡᠵᠤ ᠶᠠᠪᠣᠭ᠎ᠠ ᠭᠦᠮᠦᠰ ᠲᠡᠶ ᠪᠠᠢ᠌ᠩᠭ᠋ᠤ ᠬᠠᠷᠭᠤᠨ᠎ᠠ᠃ ᠭᠡᠳᠡᠯ᠎ᠡ ᠮᠠᠨᠠᠢ᠌ᠭᠢᠰ ᠲᠤ ᠳᠡᠷᠭᠡᠨ ᠳᠡᠭᠡᠷ᠎ᠡ ᠶᠠᠭᠠᠮ (ᠭᠡᠷᠡᠭ᠌ ᠦᠭᠡᠶ) ᠨᠢᠳᠤᠨ ᠳᠤᠤᠷ᠎ᠠ ᠨᠢ ᠨᠤᠮ ᠠᠪᠠᠴᠢᠭᠠᠤᠨ ᠳᠠᠯᠪᠢᠭᠰᠠᠨ ᠴᠤ ᠥᠵᠡᠭᠦ ᠭᠦᠮᠤᠨ ᠭᠡᠳᠦᠢ ᠪᠠᠢ᠌ᠨ᠎ᠠ ︖ 6 ᠰᠠᠷ᠎ᠠ ᠶᠢᠨ 26 ᠳ᠋ᠤ ᠪᠢ ᠠᠬ᠎ᠠ ᠲᠡᠶ ᠪᠠᠨ ᠪᠠᠭᠡᠵᠢᠩ ᠳᠤ ᠪᠠᠢ᠌ᠭ᠎ᠠ ᠣᠯᠤᠰ ᠤᠨ ᠨᠤᠮ ᠤᠨ ᠰᠠᠩ ᠳᠤ ᠭᠦᠷᠦᠯ᠎ᠡ᠃ ᠬᠨ ︕ ᠳᠦᠷᠪᠠᠨ ᠳᠠᠪᠬᠤᠷ ᠠᠰᠠᠷ ᠤᠨ ᠨᠤᠮ ᠥᠵᠳᠡᠭ᠌ ᠠᠭᠤᠵᠢᠮ ᠦᠷᠦᠭᠡᠨ ᠳᠤ ᠭᠦᠮᠤᠨ ᠳᠠᠭ ᠳᠦᠭᠦᠷᠡᠩ᠃ ᠬᠤᠭᠤᠰᠤᠨ ᠣᠷᠤ ᠭᠡᠵᠤ ᠳᠠᠮᠠᠢ ᠭᠡᠳᠦ ᠦᠭᠡᠶ᠃ ᠠᠮᠠᠷᠠᠯᠳᠠ ᠶᠢᠨ ᠠᠯᠳᠠᠨ ᠴᠠᠭ ᠶᠢᠡᠨ ᠨᠠᠭᠠᠳᠤᠮ ᠨᠠᠢ᠌ᠷ ᠤᠨ ᠰᠢᠷᠡᠭᠡᠨ ᠳᠡᠭᠡᠷ᠎ᠡ ᠦᠨ᠎ᠡ ᠦᠭᠡᠶ ᠦᠷᠠᠵᠤ ᠰᠠᠭᠤᠭ᠎ᠠ ᠪᠢᠰᠢ᠂ ᠬᠠᠷᠢᠨ ᠨᠤᠮ ᠳᠤ ᠰᠢᠨᠤᠨ ᠰᠤᠷᠤᠯᠴᠠᠵᠤ ᠪᠠᠢ᠌ᠭ᠎ᠠ ᠡᠳᠡᠭᠡᠷ ᠭᠦᠮᠦᠰ ᠶᠠᠭᠤᠨ ᠤ ᠲᠦᠯᠦᠭᠡ ᠪᠢᠯᠠ ⁈

ᠪᠠᠭᠡᠵᠢᠩ ᠳᠤ ᠪᠠᠢ᠌ᠬᠤ ᠳᠠᠭᠠᠨ ᠣᠯᠠᠨ ᠰᠠᠢ᠌ᠬᠠᠨ ᠨᠤᠮ ᠤᠨ ᠠᠠᠳᠠ ᠲᠡᠶ ᠳᠠᠨᠢᠯᠴᠠᠯ᠎ᠠ᠃ ᠪᠢᠴᠢᠭ᠌ ᠤᠨ ᠭᠦᠮᠤᠨ᠂ ᠪᠢᠴᠢᠭ᠌ ᠤᠨ ᠭᠦᠮᠤᠨ ᠲᠡᠶ ᠪᠠᠨ ᠳᠠᠨᠢᠯᠴᠠᠬᠤ ᠭᠡᠭ᠍ᠴᠢ ᠪᠠᠰᠠ ᠠᠵᠠᠳᠠᠢ ᠣᠴᠢᠷ᠃ 7 ᠰᠠᠷ᠎ᠠ ᠶᠢᠨ 1 ᠊ᠤ ᠣᠷᠤᠢ ᠲᠥᠪ ᠤᠨ ᠦᠨᠳᠦᠰᠦᠳᠠᠨ ᠤ ᠭᠡᠯᠡᠨ ᠤ ᠣᠷᠴᠢᠭᠤᠯᠭ᠎ᠠ ᠶᠢᠨ ᠳᠤᠪᠴᠢᠶᠠᠨ ᠤ ᠵᠤᠬᠢᠶᠠᠯᠴᠢ᠂ ᠣᠷᠴᠢᠭᠤᠯᠤᠭᠴᠢ ᠬᠠᠰᠤᠨ ᠠᠪᠠᠬᠠᠢ ᠶᠢᠨ ᠣᠷᠢᠯᠭ᠎ᠠ ᠪᠠᠷ ᠡᠩᠭᠡᠬᠠᠳᠡ ᠪᠢᠳᠠ ᠬᠤᠶᠠᠷ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠬᠠᠪᠢ ᠳᠤ ᠪᠠᠢ᠌ᠭ᠎ᠠ ᠮᠤᠩᠭ᠋ᠤᠯ ᠦᠨᠳᠦᠰᠦᠳᠠᠨ ᠤ ᠣᠠᠴᠠᠯᠢᠭᠳᠤ ᠬᠤᠭᠤᠯᠠᠨ ᠭᠡᠷ ᠲᠤ ᠪᠠᠭᠡᠵᠢᠩ ᠶᠡᠭᠡ ᠰᠤᠷᠭᠠᠭᠤᠯᠢ ᠶᠢᠨ ᠫᠷᠤᠹᠧᠰᠰᠤᠷ ᠳᠤᠯᠠᠭᠠᠨ ᠪᠠᠭᠰᠢ᠂ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ ᠮᠢᠩᠭ᠋ᠠᠤᠨ·ᠡᠷᠳᠡᠮᠳᠤ ᠪᠠᠭᠰᠢ᠂ ᠳᠤᠮᠳᠠᠳᠤ ᠶᠢᠨ 《ᠰᠢᠯᠦᠭ᠌ ᠰᠡᠳᠭᠦᠯ》 ᠊ᠤᠨ ᠬᠤᠷᠢᠶᠠᠨ ᠤ ᠪᠦᠰᠡᠭᠦᠢ ᠢᠷᠠᠭᠤ ᠨᠠᠢ᠌ᠷᠠᠭᠴᠢ᠂ ᠨᠠᠢ᠌ᠷᠠᠭᠤᠯᠤᠭᠴᠢ ᠨᠡᠷᠡᠡᠴᠡᠴᠡᠭ᠌ ᠠᠪᠠᠬᠠᠢ᠂ ᠵᠢᠴᠢ ᠭᠢᠳᠠᠤᠨ ᠶᠢᠡᠷ ᠪᠢᠴᠢᠳᠡᠭ᠌ ᠵᠤᠬᠢᠶᠠᠯᠴᠢ ᠴᠢᠶᠠᠨ ᠹᠦ᠋ ᠵᠠᠩ᠂ ᠰᠢᠩ ᠠᠨ ᠨᠡᠷ ᠲᠡᠶ ᠠᠭᠤᠯᠵᠠᠨ ᠳᠠᠨᠢᠯᠴᠠᠵᠤ᠂ ᠨᠢᠭᠡ ᠨᠠᠢ᠌ᠷ ᠤᠨ ᠰᠢᠷᠡᠭᠡᠨ ᠳᠤ ᠬᠠᠮᠳᠤ ᠰᠠᠭᠤᠯ᠎ᠠ᠃ ᠬᠠᠰᠤᠨ ᠠᠪᠠᠬᠠᠢ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠶᠢᠨ ᠠᠷᠪᠠᠳᠤᠭᠠᠷ ᠬᠤᠭᠤᠴᠠᠭᠠᠨ ᠤ ᠣᠷᠴᠢᠭᠤᠯᠭ᠎ᠠ ᠶᠢᠨ ᠠᠩᠭᠢ ᠳᠤ ᠰᠤᠷᠤᠯᠴᠠᠵᠤ ᠥᠩᠭᠡᠷᠡᠭ᠍ᠰᠡᠨ ᠪᠦᠭᠡᠳ ᠮᠤᠩᠭ᠋ᠤᠯ ᠣᠯᠤᠰ ᠤᠨ ᠨᠠᠷᠠᠳᠤ ᠰᠢᠯᠦᠭ᠍ᠴᠢ ᠪ᠊·ᡀᠠᠭᠪᠠᠰᠦ᠋ᠷᠤᠩ ᠤᠨ ᠰᠢᠯᠦᠭ᠌ ᠤᠳ ᠢ ᠭᠢᠳᠠᠤᠨ ᠭᠡᠯᠡᠨ ᠳᠤ ᠣᠷᠴᠢᠭᠤᠯᠤᠭᠠᠤᠨ ᠠᠩᠬᠠᠳᠤᠭᠠᠷ ᠬᠤᠭᠤᠴᠠᠭᠠᠨ ᠤ 《ᠳᠤᠷᠤᠨ᠎ᠠ》 ᠤᠳᠬ᠎ᠠ ᠵᠤᠬᠢᠶᠠᠯ ᠤᠨ ᠣᠷᠴᠢᠭᠤᠯᠭ᠎ᠠ ᠶᠢᠨ ᠱᠠᠩᠨᠠᠯ ᠢ ᠭᠦᠷᠳᠡᠵᠡᠢ᠃ ᠠᠰᠪᠣᠷ ᠰᠢᠯᠤᠭᠤᠨ᠂ ᠥᠭᠡ ᠵᠠᠩᠭᠢ ᠲᠡᠶ ᠱᠤᠤᠭᠢᠶ᠎ᠠ ᠭᠡᠴᠡᠭᠦᠤ ᠪᠦᠰᠡᠭᠦᠢ ᠪᠠᠢ᠌ᠯ᠎ᠠ᠃ ᠡᠩᠭᠡᠬᠠᠳᠡ ᠪᠢᠳᠠ ᠬᠤᠶᠠᠷ ᠲᠤ ᠨᠢᠭᠡ ᠣᠷᠴᠢᠭᠤᠯᠭ᠎ᠠ ᠶᠢᠨ ᠨᠤᠮ᠂ ᠨᠢᠭᠡ ᠦᠪᠡᠷ ᠤᠨ ᠰᠢᠯᠦᠭ᠌ ᠤᠨ ᠳᠡᠭᠦᠪᠦᠷᠢ (ᠭᠢᠳᠠᠤᠨ ᠭᠡᠪᠯᠡᠯ) ᠪᠠᠨ ᠪᠠᠯᠡᠭᠯᠡᠪᠡ᠃ ᠳᠤᠯᠠᠭᠠᠨ ᠪᠠᠭᠰᠢ ᠡᠴᠡ ᠪᠠᠰᠠ 《ᠮᠤᠩᠭ᠋ᠤᠯ ᠣᠯᠤᠰ ᠤᠨ ᠬᠡᠦᠬᠡᠳ ᠤᠨ ᠰᠢᠯᠦᠭ᠌ ᠤᠨ ᠳᠡᠭᠦᠪᠦᠷᠢ》 ᠭᠡᠮᠡᠭᠦ ᠨᠤᠮ ᠳᠤᠷᠠᠰᠬᠠᠵᠤ᠂ ᠨᠡᠷᠡᠡᠴᠡᠴᠡᠭ᠌ ᠠᠪᠠᠬᠠᠢ ᠡᠴᠡ ᠰᠢᠨᠡᠭᠡᠨ ᠭᠡᠪᠯᠡᠭᠦᠯᠦᠭ᠍ᠰᠡᠨ ᠰᠢᠯᠦᠭ᠌ ᠤᠨ ᠳᠡᠭᠦᠪᠦᠷᠢ (ᠭᠢᠳᠠᠤᠨ ᠭᠡᠪᠯᠡᠯ) ᠡᠴᠡ ᠪᠠᠨ ᠪᠠᠯᠡᠭᠯᠡᠪᠡ᠃ ᠪᠢᠴᠢᠭ᠌ ᠤᠨ ᠣᠯᠤᠰ ᠲᠤ ᠨᠤᠮ ᠡᠴᠡ ᠥᠭᠡᠷ᠎ᠡ ᠭᠦᠡᠳᠤ ᠶᠢᠨ ᠪᠠᠯᠡᠭ᠌ ᠭᠡᠵᠤ ᠬᠠᠮᠢᠭ᠎ᠠ ᠪᠠᠢ᠌ᠬᠤ ᠪᠣᠢ ︖ ᠬᠠᠷᠢᠯᠴᠠᠨ ᠪᠠᠯᠡᠭᠯᠡᠭ᠍ᠰᠡᠨ ᠨᠤᠮ ᠶᠢᠡᠨ ᠱᠥᠭᠦᠨ ᠣᠩᠰᠢᠵᠤ᠂ ᠭᠦᠷᠦᠯᠴᠡᠭᠦ ᠦᠭᠡᠶ ᠵᠣᠢ᠌ᠯ ᠶᠢᠡᠨ ᠨᠥᠭᠦᠪᠦᠷᠢᠯᠡᠨ ᠠᠪᠬᠤ ᠨᠢ ᠶᠠᠭᠤᠨ ᠡᠴᠡ ᠴᠤ ᠡᠷᠭᠢᠮ᠃ ᠨᠠᠢ᠌ᠷ ᠲᠤ ᠭᠦᠷ ᠨᠠᠮᠠᠨ ᠡᠩᠭᠡᠭᠡᠳᠡ ᠡᠴᠡ 《ᠳᠡᠭ᠍ᠷᠢ ᠶᠢᠨ ᠪᠣᠳᠤᠭᠤ》 ᠭᠡᠮᠡᠭᠦ ᠰᠢᠯᠦᠭ᠌ ᠶᠢᠡᠨ ᠣᠶᠠᠩᠭ᠋ᠠᠯᠠᠯ᠎ᠠ᠃ ᠤᠳᠬ᠎ᠠ ᠤᠶᠠᠩ‍ᠭ᠎ᠠ ᠪᠠᠷ ᠴᠠᠯᠭᠢᠭᠰᠠᠨ ᠮᠠᠨ ᠤ ᠰᠡᠳᠭᠢᠯ ᠶᠠᠭ ᠠᠶᠠᠭ᠎ᠠ ᠲᠡᠶ ᠴᠡᠭᠡ ᠰᠢᠭ᠌ ᠮᠠᠯᠮᠠᠯᠵᠠᠨ ᠨᠠᠢ᠌ᠰᠯᠠᠯ ᠤᠨ ᠦᠳᠡᠰᠢ ᠶᠢ ᠰᠤᠭᠳᠤᠭᠠᠨ ᠪᠠᠢ᠌ᠯ᠎ᠠ ᠡ ︕

ᠪᠢᠳᠡᠭᠡᠢ ᠢᠷ᠎ᠠ ᠭᠡᠳ ᠪᠠᠢ᠌ᠵᠤ ᠪᠣᠯᠤᠭᠰᠠᠨ ᠦᠭᠡᠶ ᠳᠡᠭᠦᠰᠭᠦ ᠮᠦᠴᠡ ᠪᠠᠭᠠᠯᠵᠤᠷ ᠳᠡᠭᠡᠷ᠎ᠡ ᠳᠤᠯᠤᠭᠠᠤᠨ ᠢᠷᠡᠴᠢᠭᠡᠯ᠎ᠡ᠃ 7 ᠰᠠᠷ᠎ᠠ ᠶᠢᠨ 4 ᠊ᠤ ᠣᠷᠤᠢ ᠮᠠᠨ ᠤ ᠠᠩᠭᠢ ᠶᠢᠨ ᠭᠢᠨ ᠰᠤᠷᠭᠠᠭᠤᠯᠢ ᠳᠤ ᠳᠡᠭᠦᠰᠭᠦ ᠥᠳᠡᠰᠢᠯᠡᠭᠡ ᠭᠢᠪᠠ᠃ ᠡᠨᠡ ᠥᠳᠡᠰᠢᠯᠡᠭᠡ ᠪᠣᠯ ᠳᠦᠷᠪᠠᠨ ᠰᠠᠷ᠎ᠠ ᠰᠤᠷᠤᠯᠴᠠᠭᠤᠯᠤᠭᠰᠠᠨ ᠡᠭᠡ ᠰᠤᠷᠭᠠᠭᠤᠯᠢ ᠳᠠᠭᠠᠨ ᠪᠠᠷᠢᠬᠤ ᠳᠠᠯᠠᠷᠬᠠᠯ ᠤᠨ ᠬᠠᠳᠠᠭ᠂ ᠰᠠᠯᠤᠯᠳᠠ ᠶᠢᠨ ᠪᠠᠯᠡᠭ᠌ ᠶᠤᠮ᠃ ᠭᠦᠮᠤᠨ ᠪᠦᠭᠦᠨ ᠬᠠᠮᠤᠭ ᠤᠨ ᠰᠠᠢ᠌ᠨ ᠣᠷ᠎ᠠ ᠠᠪᠢᠶᠠᠰ ᠶᠢᠡᠨ ᠭᠠᠷᠭᠠᠬᠤ ᠭᠡᠮᠡᠨ ᠴᠢᠳᠠᠯ ᠰᠡᠳᠭᠢᠯ ᠶᠢᠡᠷ ᠶᠢᠡᠨ ᠪᠣᠯᠤᠯ᠎ᠠ᠃ ᠥᠳᠡᠰᠢᠯᠡᠭᠡ ᠳᠤ ᠰᠠᠭᠠᠳᠠᠭᠰᠠᠨ ᠥᠵᠡᠭ᠍ᠴᠢᠳ ᠣᠯᠠᠨ ᠴᠤ ᠰᠡᠳᠭᠢᠯ ᠳᠦᠪᠯᠡᠷᠡᠭᠦᠯᠤᠨ ᠳᠤᠭᠯᠠᠯᠳᠠ ᠪᠦᠷᠢ ᠶᠢ ᠳᠤᠩ ᠠᠩᠬᠠᠷᠤᠯ ᠲᠡᠶ ᠰᠤᠨᠢᠷᠬᠠᠨ᠎ᠠ᠃ ᠬᠠᠭᠠᠰ ᠳᠤᠮᠳᠠ ᠡᠴᠡ ᠨᠢ ᠭᠠᠷᠴᠤ ᠶᠠᠪᠣᠬᠤ ᠪᠣᠶᠤ ᠣᠷᠤᠵᠤ ᠢᠷᠡᠭᠦ ᠥᠵᠡᠭ᠍ᠳᠡᠯ ᠶᠠᠷᠤ ᠭᠠᠷᠤᠭ᠎ᠠ ᠦᠭᠡᠶ᠃ ᠵᠥᠭᠡᠷ ᠲᠤ ᠭᠠᠯ ᠠᠪᠣᠭᠠᠤᠨ ᠪᠠᠢ᠌ᠳᠠᠭ ᠮᠠᠨᠠᠢ᠌ᠭᠢᠰ ᠴᠤ ᠡᠨᠡ ᠣᠷᠤᠢ ᠬᠠᠷᠢᠨ ᠨᠢᠭᠡ ᠯᠠ ᠨᠠᠮ ᠳᠤᠭᠳᠠᠭᠤᠨ ᠪᠣᠯᠵᠠᠭᠠᠵᠠᠢ᠃ ᠰᠡᠭᠦᠯᠴᠢ ᠶᠢᠨ ᠳᠤᠭᠯᠠᠯᠳᠠ ᠥᠡᠳᠦᠷᠯᠡᠭᠦ ᠲᠡᠶ ᠵᠡᠷᠭᠡ ᠳᠠᠢ᠌ᠰᠠᠨ ᠳᠤ ᠭᠠᠷᠴᠤ ᠢᠷᠡᠭ᠍ᠰᠡᠨ ᠳᠦᠷᠪᠠᠨ ᠭᠦᠳᠦᠯᠦᠭ᠍ᠴᠢ ᠮᠠᠨᠢ ᠡᠭᠡᠭᠡ ᠯᠠ ᠳᠠᠭᠤ ᠳᠠᠯᠪᠢᠨ ᠣᠭᠢᠯᠠᠴᠢᠬᠠᠭᠰᠠᠨ ᠦᠭᠡᠶ᠃ ᠨᠢᠭᠡ ᠨᠢᠭᠡᠨ ᠡᠴᠡ ᠪᠠᠨ ᠨᠢᠭᠤᠨ ᠨᠢᠯᠪᠣᠰᠤ ᠪᠠᠨ ᠰᠡᠮᠡᠭᠡᠷᠭᠡᠨ ᠠᠷᠴᠢᠬᠤ ᠶᠢ ᠬᠠᠷᠠᠭᠠᠤᠨ ᠰᠡᠳᠭᠢᠯ ᠶᠢᠡᠨ ᠪᠠᠷᠢᠵᠤ ᠴᠢᠳᠠᠭᠰᠠᠨ ᠭᠦᠮᠤᠨ ᠭᠠᠭᠴᠠ ᠴᠤ ᠦᠭᠡᠶ᠃ ᠣᠷᠠᠨ ᠵᠤᠬᠢᠶᠠᠯ ᠤᠨ ᠬᠤᠪᠢ ᠢᠷᠦᠭᠡᠯ ᠶᠢᠡᠷ ᠣᠯᠤᠰ ᠤᠨ ᠨᠠᠢ᠌ᠰᠯᠠᠯ ᠪᠠᠭᠡᠵᠢᠩ ᠳᠤ ᠬᠠᠮᠳᠤᠷᠠᠨ ᠨᠢᠭᠡ ᠠᠰᠠᠷ ᠲᠤ ᠰᠠᠭᠤᠵᠠᠭᠠᠵᠤ᠂ ᠨᠢᠭᠡ ᠳᠡᠩᠭᠡᠮ ᠳᠤ ᠰᠤᠷᠤᠯᠴᠠᠨ᠂ ᠨᠢᠭᠡ ᠳᠤᠭᠤᠭᠠᠨ ᠡᠴᠡ ᠬᠤᠭᠤᠯᠠᠯᠠᠨ ᠠᠬ᠎ᠠ ᠳᠡᠭᠦᠤ ᠰᠢᠭ᠌ ᠢᠵᠢᠯᠢᠰᠤᠨ ᠥᠶᠡᠷᠭᠡᠨ ᠶᠠᠪᠣᠭᠰᠠᠨ ᠠᠮᠢᠳᠤᠷᠠᠯ ᠡᠴᠡ ᠪᠠᠨ ᠭᠡᠨ ᠨᠢ ᠴᠤ ᠰᠠᠯᠬᠤ ᠳᠤᠷ᠎ᠠ ᠦᠭᠡᠶ ᠨᠢ ᠢᠯᠡᠭᠡᠨ᠃ ᠭᠡᠪᠠᠴᠤ ᠢᠷᠡᠭᠦ ᠳᠡᠭᠡᠨ ᠢᠷᠠᠵᠤ᠂ ᠪᠣᠴᠠᠬᠤ ᠳᠠᠭᠠᠨ ᠪᠣᠴᠠᠳᠠᠭ ᠠᠮᠢᠳᠤᠷᠠᠯ ᠤᠨ ᠭᠦᠯ ᠢ ᠭᠡᠨ ᠴᠤ ᠬᠠᠰᠢᠵᠤ ᠴᠢᠳᠠᠬᠤ ᠦᠭᠡᠶ᠃ ᠥᠳᠡᠰᠢᠯᠡᠭᠡ ᠳᠠᠷᠬᠠᠭᠰᠠᠨ ᠤ ᠳᠠᠷᠠᠭ᠎ᠠ ᠰᠡᠳᠭᠢᠯ ᠳᠠᠭᠠᠷᠠᠳᠠᠭ ᠭᠡᠳᠦᠭᠦᠯᠡ ᠪᠠᠨ ᠭᠠᠳᠠᠨ᠎ᠠ ᠭᠠᠷᠤᠨ ᠰᠠᠢ᠌ᠨ ᠨᠢᠭᠡ ᠠᠷᠢᠭᠢᠳᠠᠭᠠᠤᠨ ᠠᠪᠣᠪᠠ᠃ ᠠᠷᠢᠭᠢ ᠣᠤᠭᠤᠵᠤ ᠴᠢᠳᠠᠳᠠᠭ ᠦᠭᠡᠶ ᠨᠢ ᠴᠤ ᠪᠠᠶᠠᠷᠯᠠᠵᠤ ᠳᠤᠭᠳᠤᠯᠬᠤ ᠳᠠᠭᠠᠨ ᠨᠢᠳᠤ ᠪᠠᠨ ᠠᠨᠢᠨ ᠭᠦᠴᠤ ᠪᠠᠷ ᠪᠠᠯᠭᠤᠴᠢᠬᠠᠭᠠᠤᠨ ᠪᠠᠷᠴᠢ᠌ᠵᠤ ᠦᠷᠴᠢ᠌ᠨ ᠱᠤᠭ ᠭᠠᠷᠭᠠᠨ᠎ᠠ᠃ ᠳᠡᠭᠡᠭᠡᠳ ᠵᠠᠪ ᠭᠠᠷᠬᠤ ᠳᠤ ᠯᠠ ᠨᠢᠭᠡ ᠨᠢᠭᠡ ᠪᠠᠨ ᠳᠡᠪᠠᠷᠢᠭᠡᠳ ᠣᠭᠢᠯᠠᠨ᠎ᠠ᠂ ᠳᠦᠷᠪᠠᠨ ᠰᠠᠷ᠎ᠠ ᠶᠢᠨ ᠬᠤᠭᠤᠴᠠᠭᠠᠨ ᠳᠤ ᠭᠡᠯᠡᠭᠦ ᠭᠡᠳ ᠭᠡᠯᠡᠵᠤ ᠠᠮᠵᠢᠭᠰᠠᠨ ᠦᠭᠡᠶ ᠥᠭᠡ ᠪᠠᠨ ᠭᠡᠯᠡᠭᠡᠳ ᠠᠭᠤᠵᠢᠷᠠᠨ᠎ᠠ᠃ ᠡᠷᠡᠭ᠍ᠳᠡᠢ ᠡᠮᠡᠭ᠍ᠳᠡᠢ ᠭᠡᠵᠤ ᠢᠯᠭᠠᠯ ᠦᠭᠡᠶ ᠪᠦᠭᠦᠳᠡ ᠬᠤᠠᠳᠠᠭ᠎ᠠ ᠪᠠᠨ ᠡᠷᠭᠦᠭᠡᠳ ᠪᠣᠰᠴᠤ᠂ ᠭᠦᠮᠤᠨ ᠪᠣᠯᠭᠠᠨ ᠲᠡᠶ ᠮᠦᠷᠭᠦᠭᠦᠯᠤᠨ᠎ᠡ᠃ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠶᠢᠨ 15 ᠬᠤᠭᠤᠴᠠᠭᠠᠨ ᠤ ᠠᠩᠭᠢ ᠶᠢᠨ ᠭᠢᠨ ᠢ ᠭᠠᠳᠠᠨ᠎ᠠ ᠡᠴᠡ ᠨᠢ ᠬᠠᠷᠠᠬᠤ ᠳᠤ ᠶᠠᠭᠤ ᠴᠤ ᠮᠡᠳᠡᠭ᠍ᠳᠡᠭᠦ ᠦᠭᠡᠶ ᠪᠣᠯᠪᠠᠴᠤ ᠦᠨᠡᠨ ᠳᠡᠭᠡᠨ ᠠᠠᠳᠠ ᠶᠢᠨ ᠬᠤᠯᠪᠣᠭ᠎ᠠ᠂ ᠨᠠᠢ᠌ᠷ ᠵᠢᠷᠤᠮ᠂ ᠨᠠᠰᠤᠨ ᠤ ᠳᠠᠩᠭ᠋ᠠᠷᠢᠭ ᠶᠢᠡᠷ ᠭᠡᠯᠭᠢᠯᠳᠡᠭ᠍ᠰᠡᠨ 51 ᠦᠨᠡᠠᠴᠢ ᠵᠢᠷᠦᠭᠡ ᠪᠠᠢ᠌ᠯ᠎ᠠ᠃ ᠳᠤᠰ ᠰᠤᠷᠭᠠᠭᠤᠯᠢ ᠴᠤ ᠡ᠊ᠨᠳᠡ ᠰᠤᠷᠤᠯᠴᠠᠭᠰᠠᠨ ᠰᠤᠷᠤᠭᠴᠢᠳ ᠶᠢᠡᠨ ᠤᠳᠬ᠎ᠠ ᠤᠶᠠᠩ‍ᠭ᠎ᠠ ᠶᠢᠨ ᠨᠠᠷᠢᠨ ᠰᠢᠵᠢᠮ ᠶᠢᠡᠷ ᠬᠤᠯᠪᠣᠵᠤ᠂ ᠣᠢ᠌ᠯᠠᠰ ᠨᠥᠭᠦᠷᠯᠡᠯ ᠤᠨ ᠪᠠᠳᠤ ᠢᠳᠡᠭᠡᠯ ᠶᠢᠡᠷ ᠭᠠᠩᠨᠠᠵᠤ ᠴᠢᠳᠠᠳᠠᠭ ᠨᠢ ᠭᠠᠢ᠌ᠬᠠᠯᠳᠠᠢ ︕

2011 ᠣᠨ ᠤ 7 ᠰᠠᠷ᠎ᠠ ᠶᠢᠨ 8 ᠊ᠤ ᠦᠳᠡ ᠶᠢᠨ ᠡᠮᠤᠨ᠎ᠡ 《ᠯᠤ ᠰᠢᠶᠦ᠋ᠨ ᠨᠠᠷᠠᠮᠵᠢᠳᠤ》 ᠤᠳᠬ᠎ᠠ ᠵᠤᠬᠢᠶᠠᠯ ᠤᠨ ᠳᠡᠭᠡᠳᠤ ᠰᠤᠷᠭᠠᠭᠤᠯᠢ ᠶᠢᠨ 15 ᠬᠤᠭᠤᠴᠠᠭᠠᠨ ᠤ ᠠᠩᠭᠢ ᠳᠤ ᠳᠦᠷᠪᠠᠨ ᠰᠠᠷ᠎ᠠ ᠳᠦᠷᠦᠭᠡ ᠬᠠᠷᠰᠢᠭᠤᠯᠤᠨ ᠰᠤᠷᠤᠯᠴᠠᠭᠰᠠᠨ 51 ᠬᠠᠮᠳᠤ ᠰᠤᠷᠤᠯᠭᠠᠳᠠᠨ ᠳᠡᠭᠦᠰ ᠠᠮᠵᠢᠯᠳᠠ ᠲᠡᠶ ᠪᠠᠷ ᠰᠤᠷᠤᠯᠴᠠᠯᠭ᠎ᠠ ᠪᠠᠨ ᠳᠡᠭᠦᠰᠭᠡᠨ ᠦᠨᠡᠮᠯᠠᠯ ᠶᠢᠡᠨ ᠭᠠᠷᠳᠠᠯ᠎ᠠ᠃ ᠭᠦᠮᠤᠨ ᠪᠦᠷᠢ ᠶᠢᠨ ᠪᠦᠳᠦᠭᠡᠯ ᠢ ᠪᠠᠭᠳᠠᠭᠠᠭᠰᠠᠨ 《51 ᠭᠦᠮᠤᠨ ᠲᠡᠶ 15 ᠬᠤᠭᠤᠴᠠᠭᠠᠨ ᠤ ᠠᠩᠭᠢ ᠶᠢᠨ ᠭᠢᠨ ᠊᠊᠊᠊᠊᠊᠊᠊᠊᠊᠊᠊᠊᠊᠊ ᠪᠢᠳᠠ》 (ᠪᠧᠢ ᠠᠨ ᠭᠡᠪᠯᠡᠯ ᠤᠨ ᠬᠤᠷᠢᠶ᠎ᠠ 〈ᠠᠮᠸᠷᠢᠺᠠ᠎〉) ᠭᠡᠮᠡᠭᠦ ᠨᠤᠮ ᠶᠢᠡᠨ ᠰᠤᠷᠭᠠᠭᠤᠯᠢ ᠪᠣᠯᠤᠨ ᠪᠠᠢ᠌ᠷᠢ ᠶᠢᠨ ᠭᠡᠷ ᠲᠡᠭᠡᠨ ᠳᠤᠷᠠᠰᠬᠠᠨ ᠥᠯᠡᠳᠡᠭᠡᠪᠡ᠃ ᠪᠠᠰᠠ ᠰᠤᠷᠤᠯᠴᠠᠯᠭ᠎ᠠ ᠶᠢᠨ ᠬᠤᠭᠤᠴᠠᠭᠠᠨ ᠳ᠋ᠠᠭᠢ ᠳᠤᠷᠠᠳᠬᠠᠯ ᠲᠡᠶ ᠭᠡᠰᠡᠭ᠌ ᠶᠢᠡᠨ ᠰᠡᠭᠦᠳᠡᠷᠯᠡᠨ ᠠᠪᠣᠭᠰᠠᠨ ᠨᠢᠭᠡ ᠬᠤᠪᠢ CD ᠳᠠᠪᠠᠭ ᠰᠢᠩᠭᠡᠭᠡᠨ ᠣᠢ᠌ᠯᠠᠳᠤᠯ᠎ᠠ᠃ ᠡᠨᠡ ᠪᠦᠭᠦᠨ ᠮᠠᠨᠢ ᠨᠠᠢ᠌ᠰᠯᠠᠯ ᠪᠠᠭᠡᠵᠢᠩ ᠳᠤ ᠰᠤᠷᠤᠯᠴᠠᠭᠰᠠᠨ ᠮᠠᠨ ᠤ ᠠᠩᠭᠢ ᠶᠢᠨ ᠭᠢᠨ ᠤ ᠬᠠᠮᠳᠤ ᠶᠢᠨ ᠳᠤᠷᠠᠳᠬᠠᠯ᠂ ᠬᠠᠢ᠌ᠷ᠎ᠠ ᠶᠢᠨ ᠳᠤᠷᠠᠰᠬᠠᠯ ᠪᠣᠯᠤᠨ ᠳᠡᠦᠭᠡ ᠶᠢᠨ ᠠᠯᠳᠠᠨ ᠬᠠᠭᠤᠳᠠᠰᠤᠨ᠎ᠠ ᠮᠥᠩᠭᠡ ᠥᠯᠡᠳᠡᠭᠦ ᠶᠤᠰᠤᠳᠠᠢ᠃ ᠶᠠᠭᠤ ᠴᠤ ᠭᠡᠰᠡᠨ ᠳᠦᠷᠪᠠᠨ ᠰᠠᠷ᠎ᠠ ᠰᠤᠷᠤᠯᠴᠠᠭᠠᠤᠨ ᠭᠠᠠᠵᠤᠭ᠎ᠠ ᠬᠤᠭᠤᠰᠤᠨ ᠪᠣᠴᠠᠭᠰᠠᠨ ᠦᠭᠡᠶ ᠭᠡᠵᠤ ᠪᠣᠳᠤᠬᠤ ᠳᠤ ᠰᠡᠳᠭᠢᠯ ᠴᠠᠳᠬᠤᠯᠠᠩ ︕ ᠬᠠᠮᠳᠤ ᠰᠤᠷᠤᠯᠭᠠᠳᠠᠨ ᠤ ᠵᠠᠷᠢᠮ ᠨᠢ ᠳᠡᠭᠦᠰᠦᠭ᠍ᠰᠡᠨ ᠳᠠᠷᠠ ᠡᠳᠦᠷ ᠡᠴᠡ ᠪᠠᠨ ᠶᠠᠭᠠᠷᠠᠨ ᠶᠠᠪᠣᠵᠤ ᠡᠭᠢᠯᠡᠪᠡ᠃ ᠠᠰᠠᠷ ᠤᠨ ᠭᠤᠳᠤᠮ᠂ ᠪᠠᠢ᠌ᠷᠢᠨ ᠭᠡᠷ ᠤᠨ ᠬᠠᠮᠢᠭ᠎ᠠ ᠨᠢ ᠴᠤ ᠭᠡᠰᠡᠨ ᠭᠡᠨ ᠨᠢᠭᠡ ᠪᠠᠨ ᠦᠳᠡᠨ ᠮᠤᠷᠳᠠᠭᠤᠯᠤᠭᠠᠤᠨ ᠭᠦᠯ ᠪᠣᠯᠵᠤ᠂ ᠪᠦᠭᠦᠢᠯᠡ ᠠᠰᠠᠷ ᠳᠠᠷᠠ ᠶᠠᠩᠵᠤ ᠪᠠᠷ ᠶᠢᠡᠨ ᠰᠠᠯᠤᠯᠳᠠ ᠶᠢᠨ ᠪᠠᠴᠢᠮ ᠠᠮᠢᠰᠬᠤᠯ ᠶᠢᠡᠷ ᠳᠦᠭᠦᠷᠴᠡᠢ᠃ ᠪᠢ ᠪᠠᠢ᠌ᠷᠢᠨ ᠳᠠᠭᠠᠨ ᠪᠦᠳᠤᠨ ᠦᠳᠡ ᠶᠢᠨ ᠬᠣᠢ᠌ᠨ᠎ᠡ ᠳᠠᠭ ᠰᠠᠭᠤᠯ᠎ᠠ᠃ ᠪᠠᠢ᠌ᠷᠢ ᠶᠢᠨ ᠭᠡᠷ ᠶᠢᠡᠨ ᠪᠦᠭᠦᠳᠡ ᠶᠢ ᠰᠠᠢ᠌ᠬᠠᠨ ᠰᠡᠭᠦᠳᠡᠷᠯᠡᠨ ᠠᠪᠣᠪᠠ᠃ ᠰᠢᠷᠡᠭᠡ ᠰᠠᠠᠳᠠᠯᠢ ᠡᠴᠡ ᠠᠪᠣᠭᠠᠤᠨ ᠣᠷᠤ ᠳᠡᠪᠢᠰᠭᠡᠷ ᠶᠢᠡᠨ ᠣᠤᠯ ᠤᠨ ᠶᠠᠩᠵᠤᠨ ᠳᠤ ᠨᠢ ᠣᠷᠤᠭᠤᠯᠬᠤ ᠭᠡᠵᠤ ᠪᠠᠬᠠᠨ ᠴᠢᠷᠮᠠᠢ᠌ᠯ᠎ᠠ᠃ ᠨᠡᠭᠦᠭ᠍ᠰᠡᠨ ᠪᠠᠭᠤᠷᠢᠨ ᠳᠡᠭᠡᠷ᠎ᠡ ᠪᠠᠨ ᠬᠤᠭ ᠦᠨᠡᠰᠤ ᠪᠠᠨ ᠪᠣᠳᠠᠷᠭᠠᠴᠢᠬᠠᠭᠠᠤᠨ ᠶᠠᠪᠣᠳᠠᠭ ᠦᠭᠡᠶ ᠨᠡᠭᠦᠳᠡᠯᠴᠢᠨ ᠤ ᠬᠣᠢ᠌ᠴᠢᠰ ᠪᠣᠯᠤᠭᠰᠠᠨ ᠤ ᠬᠤᠪᠢ ᠳᠤ ᠰᠠᠭᠤᠭᠰᠠᠨ ᠪᠠᠢ᠌ᠷᠢ ᠪᠠᠨ ᠴᠤ ᠭᠢᠯᠠ ᠳᠤᠰᠳᠠᠯ᠎ᠠ ᠨᠢ ᠴᠡᠪᠠᠷᠯᠡᠴᠢᠭᠡᠭᠡᠳ ᠭᠠᠷᠤᠶ᠎ᠠ ᠭᠡᠵᠤ ᠪᠣᠳᠤᠭᠰᠠᠨ ᠶᠤᠮ᠃

ᠨᠠᠢ᠌ᠰᠯᠠᠯ ᠪᠠᠭᠡᠵᠢᠩ ᠳᠤ ᠪᠠᠢ᠌ᠭᠰᠠᠨ ᠨᠠᠢ᠌ᠷᠠᠭ ᠤᠨ ᠬᠤᠷ᠎ᠠ ᠲᠡᠶ᠂ ᠤᠶᠠᠩ‍ᠭ᠎ᠠ ᠶᠢᠨ ᠪᠣᠷᠤᠭ᠎ᠠ ᠲᠡᠶ ᠡᠳᠦᠷ ᠤᠳ ᠭᠢᠯᠠᠰ ᠭᠡᠳ ᠥᠩᠭᠡᠷᠡᠯ᠎ᠡ᠃ ᠭᠠᠯᠳᠤ ᠳᠡᠷᠭᠡᠨ ᠤ ᠴᠤᠩᠬᠤ ᠪᠠᠷ ᠭᠠᠳᠠᠭᠰᠢ ᠱᠠᠭᠠᠢ᠌ᠪᠠᠯ ᠦᠨᠳᠦᠷ ᠦᠨᠳᠦᠷ ᠠᠰᠠᠷ ᠪᠠᠷᠢᠯᠭ᠎ᠠ ᠨᠤᠭᠤᠳ 《ᠪᠠᠶᠠᠷᠳᠠᠢ》 ᠭᠡᠮᠡᠨ ᠭᠠᠷ ᠳᠠᠯᠠᠯᠤᠬᠤ ᠮᠠᠳᠤ ᠠᠷᠤ ᠳᠤ ᠵᠢᠷᠢᠯᠵᠠᠨ ᠬᠤᠴᠤᠷᠤᠨ᠎ᠠ᠃ ᠭᠡᠰᠡᠭ᠌ ᠶᠠᠪᠣᠭᠠᠤᠨ ᠡᠷᠭᠢᠵᠤ ᠬᠠᠷᠠᠬᠤ ᠳᠤ ᠳᠤᠰᠤᠳᠠᠢ ᠭᠠᠷ ᠶᠢᠡᠷ ᠳᠡᠯᠭᠡᠵᠤ ᠪᠠᠷᠢᠭᠰᠠᠨ ᠳᠤᠷᠭᠠᠨ ᠴᠡᠩᠭᠡᠷ ᠬᠠᠳᠠᠭ ᠰᠢᠭ ᠨᠠᠢ᠌ᠰᠯᠠᠯ ᠤᠨ ᠳᠡᠭ᠍ᠷᠢ ᠠᠯᠤᠰ ᠲᠤ ᠨᠠᠮᠤᠭᠤᠬᠠᠨ ᠳᠤᠨᠤᠷᠠᠭᠠᠤᠨ ᠦᠯᠠᠳᠠᠯ᠎ᠠ᠃ ᠠᠶᠠᠷᠯᠠᠯ᠎ᠠ᠂ ᠪᠠᠭᠡᠵᠢᠩ ᠡ ︕



ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6139
ᠴᠠᠭ᠄ 2012 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ