ᠨᠡᠪᠲᠡᠷᠡᠨ ᠤᠷᠤᠬᠤ
ᠨᠢ᠋ᠮᠠᠨ ᠠᠢ᠌ᠯ ᠮᠢᠨᠢ

ᠬᠤᠷᠴᠢᠨ ᠤ ᠴᠡᠯᠡᠭᠡᠷ ᠳᠠᠯ᠎ᠠ ᠶᠢᠨ ᠳᠠᠠᠵᠢᠨ ᠳᠤ ᠰᠠᠭᠤᠷᠢᠰᠢᠨ ᠨᠤᠳᠤᠭᠯᠠᠭᠰᠠᠨ ᠳᠦᠷᠤᠯᠭᠢ ᠨᠤᠳᠤᠭ ᠨᠢ᠋ᠮᠠᠨ ᠠᠢ᠌ᠯ ᠮᠢᠨᠢ ᠴᠠᠭᠠᠰᠤᠨ᠎ᠠ ᠨᠠᠷ᠎ᠠ ᠦᠭᠡᠶ ᠴᠠᠰᠤᠨ᠎ᠠ ᠮᠦᠷ ᠠᠯᠠᠭ᠎ᠠ ᠴᠤ ᠭᠡᠦᠭᠡᠨ ᠨᠠᠳᠠ ᠳᠤ ᠪᠠᠨ ᠳ᠋ᠸᠪᠠᠵᠠᠨ ᠪᠠᠢ᠌ᠵᠤ ᠳᠠᠭᠠᠷᠠᠨ᠎ᠠ᠃ ᠨᠢ᠋ᠮᠠᠨ ᠠᠢ᠌ᠯ ᠮᠢᠨᠢ ᠭᠤᠴᠢᠭᠠᠳᠬᠠᠨ ᠡᠷᠦᠭᠡ ᠪᠠᠷ ᠪᠦᠷᠢᠯᠳᠦᠭ᠍ᠰᠡᠨ ᠵᠢᠵᠢᠭ᠍‍ᠬᠡᠨ ᠳᠤᠰᠬᠤᠨ ᠪᠣᠯᠪᠠᠴᠤ ᠪᠠᠭ᠎ᠠ ᠶᠢᠨ ᠳᠤᠷᠠᠰᠤᠯ ᠢ ᠣᠷᠠᠯᠠᠵᠤ ᠬᠠᠳᠠᠭᠠᠯᠭᠰᠠᠨ ᠮᠥᠩᠭᠡ ᠶᠢᠨ ᠰᠠᠢ᠌ᠬᠠᠨ ᠵᠢᠷᠤᠭ ᠪᠠᠢ᠌ᠭ᠎ᠠ ᠶᠤᠮ ᠡ ︕


                             ᠨᠠᠷᠢᠬᠠᠨ ᠭᠤᠤᠯ ᠤᠨ ᠭᠦᠪᠠᠭᠡᠨ ᠳ᠋ᠤ


ᠨᠢ᠋ᠮᠠᠨ ᠠᠢ᠌ᠯ ᠤᠨ ᠡᠮᠦᠨᠡᠭᠦᠷ ᠮᠤᠷᠤᠯᠵᠠᠨ ᠣᠷᠤᠰᠳᠠᠭ ᠳᠤᠩᠭ᠋ᠠᠯᠠᠭ ᠴᠠᠪᠠᠷ ᠨᠠᠷᠢᠬᠠᠨ ᠭᠤᠤᠯ ᠪᠠᠢ᠌ᠳᠠᠭ᠃ ᠭᠤᠤᠯ ᠤᠨ ᠭᠦᠪᠠᠭᠡ ᠳᠠᠭᠠᠤ ᠬᠤᠯᠤᠰᠤ ᠵᠡᠭᠡᠰᠤ ᠳᠤᠮᠤ ᠭᠦᠮᠤᠨ ᠳᠠᠪᠠᠮ᠎ᠠ ᠣᠷᠭᠤᠵᠤ ᠮᠠᠨ ᠤ ᠭᠡᠳᠤᠨ ᠭᠡᠷᠡᠭ᠌ ᠤᠨ ᠡᠵᠡᠨ ᠭᠡᠩᠭᠡᠷᠭᠡ ᠶᠢᠨ ᠳᠤᠭᠢᠭᠤᠷ ᠤᠳ ᠤᠨ ᠨᠢᠭᠤᠯᠴᠠᠭ᠎ᠠ ᠭᠢᠳᠡᠭ᠌ ᠰᠠᠢ᠌ᠬᠠᠨ ᠣᠷᠴᠢᠨ ᠪᠠᠢ᠌ᠭᠰᠠᠨ ᠶᠤᠮ᠃

ᠲ᠋ᠤᠩᠭ᠋ᠠᠯᠠᠭ ᠰᠠᠢ᠌ᠬᠠᠨ ᠭᠠᠷᠠᠭ ᠤᠨ ᠡᠳᠦᠷ ᠤᠨ ᠳᠠᠷᠠᠭᠠᠬᠠᠨ ᠪᠠᠢ᠌ᠯ᠎ᠠ᠃ ᠭᠡᠷᠡᠭ᠌ ᠤᠨ ᠡᠵᠡᠳ ᠪᠢᠳᠠ ᠭᠤᠤᠯ ᠤᠨ ᠭᠦᠪᠠᠭᠡᠨ ᠳᠤ ᠴᠤᠭᠯᠠᠷᠠᠨ ᠵᠢᠭᠠᠰᠤ ᠱᠥᠭᠦᠨ ᠣᠷᠤᠯᠳᠤᠬᠤ ᠪᠠᠷ ᠪᠣᠯᠪᠠ᠃ ᠮᠦᠷᠤᠢ ᠳᠤ ᠢᠯᠠᠭᠴᠢᠳ ᠨᠢ ᠨᠥᠭᠦᠭᠡ ᠳᠤᠭᠣᠢ᠌ᠯᠠᠩ ᠤᠨ ᠶᠢᠡᠨ ᠣᠯᠤᠭᠰᠠᠨ ᠪᠦᠭᠦᠨ ᠢ ᠬᠤᠷᠢᠶᠠᠮᠵᠢᠯᠠᠬᠤ ᠡᠷᠭᠡ ᠲᠡᠶ ᠪᠠᠢ᠌ᠵᠠᠢ᠃ ᠣᠷᠤᠯᠳᠤᠭᠠᠨ ᠡᠭᠢᠯᠡᠯ᠎ᠡ᠂ ᠮᠠᠨ ᠤ ᠭᠡᠳᠤᠨ ᠱᠠᠯᠠᠮᠠᠭᠠᠢ ᠨᠥᠭᠦᠤᠨ ᠭᠡᠳᠥᠢᠨ ᠣᠰᠤᠨ ᠳᠤ ᠣᠷᠤᠯᠳᠤᠨ ᠣᠷᠤᠵᠤ ᠨᠢᠮᠪᠠᠢ ᠱᠥᠭᠦᠵᠤ ᠡᠭᠢᠯᠡᠯ᠎ᠡ᠃ ᠮᠠᠨ ᠤ ᠭᠡᠳᠤᠨ ᠡᠮᠡᠭ᠍ᠳᠡᠢ ᠬᠡᠦᠬᠡᠳ ᠣᠰᠤ ᠰᠢᠪᠠᠷ ᠡᠴᠠ ᠬᠠᠯᠢᠷᠠᠨ ᠡᠭ᠌ ᠮᠡᠭ᠌ ᠭᠡᠵᠤ ᠪᠠᠢ᠌ᠭᠰᠠᠨ ᠴᠤ ᠨᠠᠭᠠᠳᠤᠮ ᠤᠨ ᠣᠷᠮ᠎ᠠ ᠭᠦᠭ᠍ᠵᠢᠭ᠍ᠰᠡᠨ ᠬᠣᠢ᠌ᠨ᠎ᠠ ᠶᠠᠭᠤ ᠪᠦᠭᠦᠨ ᠢ ᠭᠡᠳᠥᠢᠨ ᠮᠠᠷᠳᠠᠵᠤ ᠣᠷᠭᠢᠵᠠᠢ᠃ ᠦᠳᠡ ᠭᠡᠯᠪᠠᠢ᠌ᠭᠦ ᠠᠯᠳᠠ ᠳᠤ ᠮᠠᠨᠠᠢ᠌ᠭᠢᠳ ᠭᠢᠳ ᠭᠠᠤᠨ ᠢᠨᠢᠶᠠᠯᠴᠠᠨ ᠳᠠᠭᠤᠯᠴᠠᠭᠰᠠᠭᠠᠷ ᠠᠩ ᠤᠨ ᠣᠯᠵᠠ ᠪᠠᠨ ᠰᠡᠢᠳᠪᠦᠷᠢᠯᠡᠭᠦ ᠪᠠᠷ ᠭᠤᠤᠯ ᠤᠨ ᠰᠠᠢ᠌ᠷ ᠳᠡᠭᠡᠷ᠎ᠡ ᠴᠤᠭᠯᠠᠷᠠᠯ᠎ᠠ᠃ ᠭᠤᠤᠯ ᠤᠨ ᠰᠠᠢ᠌ᠷ ᠵᠤᠨ ᠤ ᠨᠠᠷᠠᠨ ᠳᠤ ᠭᠠᠯ ᠬᠠᠯᠠᠵᠤ ᠭᠦᠯ ᠨᠢᠴᠦᠭᠦᠨ ᠮᠠᠨ ᠢ ᠬᠠᠤᠯᠢᠳᠠᠬᠤ ᠭᠡᠰᠡᠨ ᠰᠢᠭ᠌ ᠰᠢᠷᠠᠬᠤ ᠨᠢ ᠭᠡᠴᠡᠭᠦᠤ᠃ ᠪᠢᠳᠠ ᠣᠯᠤᠭᠰᠠᠨ ᠠᠩ ᠶᠢᠡᠨ ᠭᠡᠷᠭᠢᠨ ᠬᠤᠪᠢᠶᠠᠯᠴᠠᠬᠤ ᠪᠠᠷ ᠬᠠᠯᠠᠭᠤᠨ ᠡᠯᠡᠰᠤᠨ ᠳᠡᠭᠡᠷ᠎ᠡ ᠳᠠᠯᠪᠢᠯ᠎ᠠ᠃ ᠭᠦᠭᠡᠷᠦᠭᠦᠢ ᠵᠢᠵᠢᠭ᠌ ᠵᠢᠭᠠᠰᠤ ᠨᠤᠭᠤᠳ ᠮᠠᠳᠠᠷᠠᠨ ᠮᠠᠳᠠᠷᠠᠨ ᠦᠰᠦᠷᠭᠢᠯᠠᠵᠤ ᠮᠠᠨᠤᠰ ᠢ ᠣᠰᠤᠨ ᠳᠤ ᠳᠦᠷᠭᠡᠨ ᠳᠠᠯᠪᠢᠭᠠᠴᠢ ᠭᠡᠵᠤ ᠭᠤᠶᠤᠵᠤ ᠪᠠᠢ᠌ᠭ᠎ᠠ ᠰᠢᠭ ᠨᠢ ᠮᠠᠨ ᠤ ᠣᠰᠤᠨ ᠳᠡᠨᠡᠭ᠌ ᠤᠳ ᠢ ᠨᠠᠩ ᠴᠤ ᠭᠦᠭᠡᠷᠦᠭᠦᠯᠵᠤ ᠣᠷᠭᠢᠵᠠᠢ᠃ ᠭᠦᠭᠡᠷᠦᠭᠦᠢ ᠣᠰᠤᠨ ᠡᠴᠠ ᠰᠠᠯᠤᠭᠰᠠᠨ ᠵᠢᠵᠢᠭ᠌ ᠠᠮᠢ ᠨᠤᠭᠤᠳ ᠣᠳᠠᠯ ᠦᠭᠡᠶ ᠭᠦᠳᠡᠯᠭᠦ ᠪᠠᠨ ᠪᠣᠯᠢᠪᠠ᠃ ᠥᠭᠦᠭ᠍ᠰᠡᠨ ᠵᠢᠭᠠᠰᠤ ᠨᠢ ᠶᠠᠮᠠᠷ ᠴᠤ ᠰᠤᠨᠢᠷᠬᠠᠯ ᠦᠭᠡᠶ ᠪᠣᠯᠬᠤᠷ ᠪᠢᠳᠠ ᠬᠤᠪᠢᠶᠠᠯᠴᠠᠬᠤ ᠪᠠᠨ ᠪᠣᠯᠢᠵᠤ ᠭᠤᠤᠯ ᠤᠨ ᠣᠰᠤᠨ ᠳᠤ ᠰᠢᠳᠠᠵᠤ ᠨᠠᠭᠠᠳᠤᠯ᠎ᠠ᠃ ᠭᠤᠤᠯ ᠤᠨ ᠣᠰᠤ ᠪᠣᠯᠠᠩᠭᠢᠷ ᠳᠠᠳᠠᠨ ᠱᠤᠤᠭᠢᠨ᠎ᠠ᠃ ᠭᠦᠪᠠᠭᠡᠨ ᠳ᠋ᠠᠭᠢ ᠨᠤᠭᠤᠰᠤ ᠭᠠᠯᠠᠭᠤ ᠴᠤ ᠪᠢᠳᠠ ᠡᠴᠠ ᠬᠤᠯᠠ ᠵᠠᠢ᠌ᠳᠠᠨ ᠨᠢᠰᠤᠨ᠎ᠠ᠃

ᠨᠠᠮᠵᠢᠭᠤᠨ ᠳᠤᠩᠭ᠋ᠠᠯᠠᠭ ᠨᠠᠷᠢᠬᠠᠨ ᠭᠤᠤᠯ ᠮᠢᠨᠢ ︕ ᠣᠬᠠᠵᠢᠭ᠎ᠠ ᠦᠭᠡᠶ ᠪᠠᠭ᠎ᠠ ᠨᠠᠰᠤ ᠶᠢ ᠳᠠᠮᠠᠭᠠᠯᠠᠵᠤ ᠥᠯᠡᠳᠡᠭᠡᠭ᠍ᠰᠡᠨ ᠪᠣᠷᠬᠠᠨ ᠭᠤᠤᠯ ᠮᠢᠨᠢ ᠡ ︕


                        ᠰᠡᠳᠭᠢᠯ ᠳᠤ ᠬᠤᠨᠤᠭᠰᠢᠭᠰᠠᠨ ᠭᠤᠷᠪᠠᠨ ᠬᠠᠭ ᠮᠢᠨᠢ


ᠨᠢ᠋ᠮᠠᠨ ᠠᠢ᠌ᠯ ᠤᠨ ᠠᠷᠤ ᠳᠤ ᠳᠤᠯᠢ ᠮᠠᠳᠤ ᠳᠤᠩᠭ᠋ᠠᠯᠠᠭ ᠭᠤᠷᠪᠠᠨ ᠳᠦᠭᠦᠷᠢᠭ᠌ ᠨᠠᠭᠤᠷ ᠪᠠᠢ᠌ᠳᠠᠭ᠃ ᠨᠤᠳᠤᠭ ᠤᠨ ᠮᠢᠨᠢ ᠭᠦᠮᠦᠰ ᠳᠡᠭᠦᠨ ᠢ ᠭᠤᠷᠪᠠᠨ ᠬᠠᠭ ᠭᠡᠳᠡᠭ᠌᠃ ᠭᠤᠷᠪᠠᠨ ᠬᠠᠭ ᠤᠨ ᠳᠤᠭᠤᠷᠢᠨ ᠡᠪᠠᠰᠤ ᠪᠠᠯᠴᠢᠭᠡᠷ ᠰᠠᠢ᠌ᠳᠠᠢ ᠪᠦᠭᠡᠳ ᠣᠳᠠ ᠬᠠᠢ᠌ᠯᠠᠰᠤ ᠰᠥᠭᠯᠡᠢ᠌ᠭ᠍ᠰᠡᠨ ᠭᠣᠢ᠌ᠳᠠ ᠰᠠᠢ᠌ᠬᠠᠨ ᠦᠵᠡᠮᠵᠢ ᠪᠠᠢ᠌ᠳᠠᠭ᠃ ᠡ᠊ᠨᠳᠡ ᠨᠤᠳᠤᠭ ᠤᠨ ᠭᠦᠮᠦᠰ ᠤᠨ ᠢᠳᠠᠰᠢᠨ ᠨᠤᠭᠤᠭᠠᠨ ᠳᠠᠯᠠᠪᠠᠢ ᠭᠡᠮᠡᠷ ᠳᠠᠭᠠᠨ᠎ᠠ᠂ ᠭᠤᠭᠤᠳ᠂ ᠮᠠᠩᠭᠢᠷ᠂ ᠭᠠᠰᠢᠭᠤᠨ ᠨᠤᠭᠤᠭ᠎ᠠ ᠭᠡᠰᠡᠭ᠌ ᠭᠡᠰᠡᠭ᠌ ᠶᠢᠡᠷ ᠪᠠᠭᠰᠢᠷᠠᠨ ᠣᠷᠭᠤᠭᠠᠤᠨ ᠪᠠᠢ᠌ᠭᠠᠯᠯᠢᠭ ᠥᠩᠭᠡ ᠦᠵᠡᠮᠵᠢ ᠪᠦᠷᠢᠳᠦᠭ᠍ᠰᠡᠨ ᠭᠣᠢ᠌ᠳᠠ ᠰᠠᠢ᠌ᠬᠠᠨ ᠣᠷᠤᠨ ᠪᠠᠢ᠌ᠵᠠᠢ᠃

ᠬᠠᠪᠣᠷ ᠪᠣᠯᠤᠭᠰᠠᠭᠠᠷ ᠮᠠᠨ ᠤ ᠭᠡᠳᠤᠨ ᠨᠠᠰᠤ ᠬᠤᠷᠠᠭᠴᠤᠤᠯ ᠵᠢᠵᠢᠭ᠌ ᠰᠠᠭᠰᠤ ᠪᠠᠨ ᠳᠤᠬᠣᠢ᠌ᠯᠠᠨ ᠳᠠᠭᠠᠨ᠎ᠠ ᠭᠤᠭᠤᠳ ᠳᠡᠭᠦᠭᠦ ᠪᠠᠷ ᠭᠤᠷᠪᠠᠨ ᠬᠠᠭ ᠥᠭᠡᠳᠡ ᠬᠤᠷᠮᠤᠢ ᠳᠡᠷᠪᠠᠯᠵᠡᠭᠦᠯᠤᠨ ᠳᠡᠷᠪᠠᠳᠡᠭ᠌ ᠪᠠᠢ᠌ᠭᠰᠠᠨ᠃ ᠭᠤᠭᠤᠳ ᠳᠡᠭᠦᠭᠦ ᠭᠡᠭᠦ ᠡᠴᠠ ᠨᠠᠭᠤᠷ ᠤᠨ ᠭᠦᠪᠠᠭᠡ ᠪᠠᠷ ᠨᠤᠭᠤᠰᠤᠨ ᠥᠡᠳᠡᠭᠡ ᠳᠡᠭᠦᠭᠦ ᠨᠢ ᠨᠠᠩ ᠠᠵᠠ ᠲᠡᠶ ᠭᠡᠷᠡᠭ᠌ ᠰᠢᠭ᠌ ᠰᠠᠨᠠᠭᠳᠠᠵᠤ ᠪᠠᠢ᠌ᠭᠰᠠᠨ ᠢ ᠭᠡᠷᠭᠢᠯᠳᠡᠢ ︖

ᠬᠠᠩᠰᠢ ᠶᠢᠨ ᠳᠠᠷᠠᠭᠠᠬᠠᠨ ᠨᠠᠷᠠ ᠳᠤᠶᠠᠭᠠᠷᠠᠭᠰᠠᠨ ᠰᠠᠢ᠌ᠬᠠᠨ ᠴᠤ ᠡᠳᠦᠷ ᠪᠠᠢ᠌ᠯ᠎ᠠ᠃ ᠮᠠᠨ ᠤ ᠭᠡᠳᠤᠨ ᠡᠮᠡᠭ᠍ᠳᠡᠢ ᠬᠡᠦᠬᠡᠳ ᠳᠠᠭᠤᠨ ᠬᠤᠭᠤᠯᠠᠢ ᠪᠠᠨ ᠠᠪᠣᠯᠴᠠᠨ ᠵᠢᠵᠢᠭ᠌ ᠰᠠᠭᠰᠤ ᠪᠠᠨ ᠳᠤᠬᠣᠢ᠌ᠯᠠᠨ ᠭᠤᠷᠪᠠᠨ ᠬᠠᠭ ᠲᠤ ᠳᠡᠭ᠍ᠳᠡᠨ ᠭᠦᠷᠦᠯ᠎ᠡ᠃ ᠭᠤᠷᠪᠠᠨ ᠬᠠᠭ ᠤᠨ ᠭᠤᠭᠤᠳ ᠶᠤᠰᠤᠳᠠᠢ ᠳᠠᠷᠢᠭᠰᠠᠨ ᠶᠤᠮ ᠰᠢᠭ ᠳᠠᠯ᠎ᠠ ᠪᠦᠷᠭᠦᠨ ᠬᠠᠯᠢᠭᠤᠷᠠᠵᠤ ᠶ‍ᠢᠷᠳᠢᠠᠴᠤ ᠶᠢᠨ ᠥᠵᠡᠰᠭᠦᠯᠡᠩ ᠢ ᠱᠤᠭᠤᠨ ᠪᠦᠳᠦᠭᠡᠵᠡᠢ᠃ ᠰᠠᠭᠰᠤ ᠪᠠᠨ ᠳᠦᠭᠦᠷᠭᠡᠭᠦ ᠶᠢᠨ ᠳᠠᠰᠢᠷᠠᠮ ᠳᠤ ᠮᠢᠨᠤ ᠠᠯᠢᠶ᠎ᠠ ᠭᠦᠳᠡᠯᠵᠤ ᠭᠤᠤᠯ ᠤᠨ ᠣᠰᠤᠨ ᠳᠤ ᠳᠤᠭᠯᠠᠬᠤ ᠪᠠᠷ ᠡᠭᠡᠴᠢ ᠶᠢᠨ ᠵᠢᠮᠠᠯᠠᠯ ᠢ ᠭᠦᠯᠢᠶᠡᠯ ᠦᠭᠡᠶ ᠭᠤᠷᠪᠠᠨ ᠬᠠᠭ ᠥᠭᠡᠳᠡ ᠳᠡᠭ᠍ᠳᠡᠯᠵᠡᠨ ᠭᠦᠶ‍ᠦᠯ᠎ᠡ᠃ ᠭᠡᠨᠡᠳᠲᠡ ᠫᠦᠷᠳ᠋ ᠭᠡᠭᠦ ᠳᠠᠭᠤ ᠭᠠᠷᠬᠤ ᠲᠡᠶ ᠵᠡᠷᠭᠡ ᠨᠢᠭᠡᠨ ᠪᠦᠳᠦᠭᠦᠨ ᠨᠤᠭᠤᠰᠤ ᠡᠭᠦᠷ ᠡᠴᠠ ᠪᠠᠨ ᠪᠣᠯᠳᠠᠨ ᠬᠠᠴᠠᠷ ᠢ ᠱᠦᠷᠭᠦᠭᠡᠨ ᠨᠢᠰᠤᠯ᠎ᠠ᠃ ᠠᠶᠤᠬᠤ ᠳᠤ ᠪᠠᠨ ᠪᠢ ᠳᠤᠯᠤᠭᠠᠢ ᠳᠠᠪᠠᠷᠢᠨ ᠳᠤᠷᠤᠭᠰᠢ ᠬᠠᠷᠠᠭᠰᠠᠨ ᠴᠢᠨᠢ ᠥᠡᠳᠡᠭᠡ᠂ ᠪᠦᠳᠦᠭᠦᠨ ᠪᠦᠳᠦᠭᠦᠨ ᠳᠤᠮᠤ ᠨᠤᠭᠤᠰᠤᠨ ᠥᠡᠳᠡᠭᠡ ᠨᠠᠷᠠᠨ ᠳᠤ ᠭᠢᠯᠠᠯᠵᠠᠨ ᠬᠠᠷᠠᠭᠳᠠᠨ᠎ᠠ᠃ ᠣᠤᠯᠭ᠎ᠠ ᠠᠯᠳᠠᠨ ᠪᠠᠶᠠᠷᠯᠠᠬᠤ ᠳᠤ ᠪᠠᠨ ᠳᠠᠪᠠᠯ ᠶᠢᠡᠨ ᠳᠡᠭᠡᠷ᠎ᠡ ᠳᠡᠭᠡᠷ᠎ᠡ ᠡᠷᠭᠢᠭᠦᠯᠤᠨ ᠬᠠᠰᠭᠢᠷᠤᠭᠰᠠᠨ ᠴᠢᠨᠢ ᠪᠠᠢ᠌ᠵᠤ ᠦᠦ ︖ ᠮᠠᠨᠠᠢ᠌ᠭᠢᠳ ᠭᠦᠶ‍ᠦᠯᠴᠡᠨ ᠢᠷᠠᠵᠤ ᠪᠣᠯᠢᠶᠠᠯᠳᠤᠯ᠎ᠠ᠃

ᠥᠡᠳᠡᠭᠡ ᠪᠠᠨ ᠪᠣᠯᠢᠶᠠᠭᠳᠠᠭᠰᠠᠨ ᠨᠤᠭᠤᠰᠤ ᠡᠵᠢ ᠮᠢᠨᠤ ᠳᠡᠭᠡᠭᠦᠷ ᠡᠨᠡᠯᠤᠨ ᠰᠢᠨᠠᠯᠤᠨ ᠨᠢᠰᠤᠨ᠎ᠠ᠃ ᠣᠯᠠᠭᠠᠨ ᠭᠡᠷᠡᠭᠦᠯ ᠪᠣᠯᠤᠭᠰᠠᠨ ᠳᠠᠷᠠ ᠮᠦᠴᠡ ᠳᠤ ᠪᠢ ᠶᠠᠭᠤ ᠪᠣᠳᠤᠭᠰᠠᠨ ᠢ ᠪᠣᠤ ᠮᠠᠳᠠ ᠭᠤᠷᠪᠠᠨ ᠬᠠᠭ ᠵᠥᠭ᠌ ᠨᠢᠭᠤᠷ ᠨᠢᠳᠤ ᠦᠭᠡᠶ ᠭᠦᠶ‍ᠦᠯ᠎ᠡ᠃

ᠪᠣᠳᠤᠯ ᠤᠨ ᠰᠠᠢ᠌ᠬᠠᠨ ᠭᠤᠷᠪᠠᠨ ᠬᠠᠭ ᠮᠢᠨᠢ ︕ ᠪᠣᠯᠪᠠᠢ᠌ᠷᠬᠠᠨ ᠨᠠᠰᠤᠨ ᠤ ᠳᠤᠷᠠᠰᠤᠯ ᠮᠦᠷᠦᠭᠡᠳᠦᠯ ᠢ ᠱᠤᠭᠤᠨ ᠬᠠᠳᠠᠭᠠᠯᠠᠭᠰᠠᠨ ᠭᠤᠷᠪᠠᠨ ᠡᠵᠢ ᠮᠢᠨᠢ ᠡ ︕


                         ᠳᠠᠭᠤᠧᠨ ᠰᠠᠭᠢᠭᠴᠢ ᠡᠪᠦᠭᠡ ᠮᠢᠨᠢ


ᠲ᠋ᠠᠯᠠᠭᠠᠤᠨ ᠣᠨ ᠤ ᠦᠶ᠎ᠡ ᠪᠠᠷ ᠮᠠᠨ ᠤ ᠭᠢᠨ ᠳᠤᠩ ᠣᠯᠠᠨ ᠳᠠᠭᠤᠧᠨ ᠳᠠᠷᠢᠵᠤ ᠪᠠᠢ᠌ᠭᠰᠠᠨ ᠶᠤᠮ᠃ ᠡᠪᠠᠰᠤ ᠴᠡᠴᠡᠭ᠌ ᠪᠣᠯᠪᠠᠰᠤᠷᠠᠭᠰᠠᠨ ᠬᠤᠩᠭ᠋ᠤᠷ ᠨᠠᠮᠤᠷ ᠤᠨ ᠡᠷᠡᠨ ᠪᠣᠯᠤᠭᠰᠠᠭᠠᠷ ᠠᠮᠳᠠ ᠭᠦᠢᠴᠡᠭ᠍ᠰᠡᠨ ᠳᠤᠮᠤ ᠳᠤᠮᠤ ᠳᠠᠭᠤᠧᠨ ᠳᠠᠯ᠎ᠠ ᠵᠤ᠋ ᠦᠭᠡᠶ ᠪᠣᠮᠪᠠᠢ᠌ᠨ ᠬᠠᠷᠠᠭᠳᠠᠵᠤ ᠮᠠᠨ ᠤ ᠭᠡᠳᠤᠨ ᠭᠤᠧᠨ ᠶᠢᠨ ᠬᠤᠷᠤᠬᠠᠢ ᠨᠤᠭᠤᠳ ᠤᠨ ᠠᠷᠭ᠎ᠠ ᠠᠭᠠᠰᠢ ᠶᠢ ᠪᠠᠷᠠᠭᠤᠯᠳᠠᠭ ᠪᠠᠢ᠌ᠭᠰᠠᠨ ᠶᠤᠮ᠃ ᠭᠤᠧᠨ ᠰᠠᠭᠢᠭᠴᠢ ᠡᠪᠦᠭᠡ ᠴᠤ ᠡᠨᠡ ᠦᠶ᠎ᠡ ᠳᠤ ᠳᠤᠮᠤ ᠮᠠᠢ᠌ᠬᠠᠨ ᠶᠢᠡᠨ ᠪᠣᠰᠬᠠᠵᠤ ᠬᠠᠷᠠᠭᠤᠯ ᠤᠨ ᠠᠵᠢᠯ ᠶᠢᠡᠨ ᠡᠭᠢᠯᠡᠳᠡᠭ᠌ ᠪᠠᠢ᠌ᠯ᠎ᠠ᠃

ᠭᠤᠧᠨ ᠰᠠᠭᠢᠭᠴᠢ ᠡᠪᠦᠭᠡ ᠮᠠᠨᠢ ᠮᠠᠨ ᠢ ᠣᠴᠢᠬᠤ ᠪᠣᠯᠭᠠᠨ ᠠᠮᠳᠠᠳᠤ ᠭᠤᠧᠨ ᠰᠤᠩᠭ᠋ᠤᠵᠤ ᠦᠭ‍ᠭᠦ ᠶᠢᠨ ᠬᠠᠮᠳᠤ ᠠᠯᠢᠶ᠎ᠠ ᠳᠦᠢᠳᠭᠡᠷ ᠮᠠᠨᠤᠰ ᠢ ᠢᠮ ᠴᠢᠮ ᠦᠭᠡᠶ ᠥᠯᠢᠭᠡᠷ ᠶᠢᠡᠷ ᠮᠠᠨᠠᠵᠤ ᠠᠮᠳᠠᠳᠤ ᠭᠤᠧᠨ ᠶᠢᠨ ᠬᠠᠯᠢᠰᠤ ᠰᠠᠭᠰᠤ ᠳᠦᠭᠦᠷᠡᠩ ᠵᠡᠷᠭᠡᠯᠡᠨ ᠪᠣᠴᠠᠭᠠᠳᠠᠭ ᠨᠢ ᠮᠠᠨ ᠳᠤ ᠭᠡᠵᠢᠶᠡᠳᠡ ᠳᠤᠷᠠᠰᠤᠯ ᠪᠣᠯᠵᠤ ᠮᠥᠩᠭᠡᠷᠡᠭ᠍ᠰᠡᠨ ᠶᠤᠮ᠃ ᠡᠪᠦᠭᠡ ᠶᠠᠷᠤ ᠳᠤ ᠪᠠᠨ 《ᠪᠠᠯᠤ ᠶᠢᠨ ᠥᠯᠢᠭᠡᠷ》 ᠶᠠᠷᠢᠳᠠᠭ᠃ ᠳᠡᠭᠦᠨ ᠤ ᠥᠯᠢᠭᠡᠷ ᠳᠠᠭᠢ ᠪᠠᠯᠤ ᠨᠢ ᠷᠢᠳᠢ ᠰᠢᠳᠢ ᠲᠡᠶ ᠬᠤᠪᠢᠯᠭᠠᠨ ᠵᠠᠩᠵᠤᠨ ᠰᠢᠭ ᠬᠠᠠᠳᠤᠭᠰᠠᠨ ᠵᠥᠭ᠌ ᠲᠤ ᠳᠠᠢ᠌ᠰᠤᠨ ᠦᠭᠡᠶ ᠪᠠᠢ᠌ᠳᠠᠭ ᠨᠢ ᠮᠠᠨ ᠢ ᠬᠠᠭ᠎ᠠ ᠪᠠᠶᠠᠷᠯᠠᠭᠤᠯᠵᠤ ᠣᠷᠭᠢᠳᠠᠭ ᠰᠠᠨ᠃ ᠡᠪᠦᠭᠡ ᠳᠤᠬᠠᠢ ᠶᠢᠨ ᠦᠶ᠎ᠡ ᠳᠤ ᠪᠠᠶ᠎ᠠ ᠪᠢᠯᠳᠠᠷ ᠰᠠᠢ᠌ᠳᠠᠢ ᠭᠦᠩᠭᠢᠨᠡᠮ᠎ᠡ ᠬᠤᠭᠤᠯᠠᠢ ᠲᠡᠶ ᠳᠠᠷᠢ ᠳᠡᠭ᠍ᠰᠢ ᠡᠮᠦᠰᠴᠤ ᠵᠡᠭᠦᠳᠡᠭ᠌ ᠭᠦᠮᠤᠨ ᠪᠠᠢ᠌ᠭᠰᠠᠨ ᠶᠤᠮ᠃

ᠨᠢᠭᠡ ᠣᠳᠠᠭ᠎ᠠ ᠪᠢ ᠪᠦᠭᠦᠯᠢ ᠭᠤᠧᠨ ᠰᠠᠭᠰᠤᠯᠠᠵᠤ ᠭᠡᠷ ᠲᠤ ᠪᠠᠨ ᠠᠪᠠᠴᠢᠨ᠎ᠠ ᠭᠡᠵᠤ ᠪᠠᠢ᠌ᠭᠰᠠᠭᠠᠷ ᠡᠪᠦᠭᠡ ᠳᠤ ᠪᠠᠨ ᠮᠡᠳᠡᠭ᠍ᠳᠡᠴᠢᠭᠡᠯ᠎ᠡ᠃ ᠡᠪᠦᠭᠡ ᠮᠢᠨᠢ ᠦᠰᠦ ᠶᠢ ᠢᠯᠪᠢᠭ᠍ᠰᠡᠭᠡᠷ 《ᠰᠤᠷᠤᠭᠴᠢ ᠭᠦᠮᠤᠨ ᠢᠩᠭᠢᠭᠦ ᠨᠢ ᠳᠠᠭᠠᠷᠠᠬᠤ ᠦᠭᠡᠶ ᠰᠢᠤ᠂ ᠠᠩᠭᠢ ᠨᠠᠢ᠌ᠳᠠ ᠶᠢᠨ ᠶᠢᠡᠨ ᠡᠳ᠋ ᠬᠤᠭᠰᠢᠯ ᠢ ᠬᠠᠢ᠌ᠷᠠᠯᠠᠬᠤ ᠲᠡᠶ ᠠᠳᠠᠯᠢ ᠪᠠᠷ ᠨᠠᠢ᠌ᠳᠠ ᠶᠢᠨ ᠭᠤᠧᠨ ᠶᠢᠨ ᠦᠷ᠎ᠡ ᠶᠢ ᠴᠤ ᠬᠠᠢ᠌ᠷᠠᠯᠠᠬᠤ ᠭᠡᠷᠡᠭ᠍ᠳᠡᠢ ᠰᠢᠤ ︕》 ᠭᠡᠵᠤ ᠡᠶᠡᠯᠳᠡᠭ᠌ ᠶᠢᠡᠷ ᠰᠤᠷᠭᠠᠨ ᠪᠦᠭᠦᠯᠢ ᠭᠤᠧᠨ ᠶᠢ ᠠᠷᠢᠯᠭᠠᠨ ᠥᠭ᠍ᠴᠤ ᠪᠢᠯᠠ᠃

ᠥᠯᠢᠭᠡᠷ ᠤᠨ ᠣᠭᠤᠳᠠ ᠡᠪᠦᠭᠡ ᠮᠢᠨᠢ ︕ ᠨᠢᠯᠬᠠᠰᠠᠭ ᠣᠶᠤᠨ ᠳᠤ 《ᠨᠠᠢ᠌ᠳᠠ》 ᠭᠡᠭᠦ ᠳᠤᠮᠤᠬᠠᠨ ᠥᠰᠦᠭ᠌ ᠢ ᠳᠠᠨᠢᠭᠤᠯᠵᠤ ᠦᠭ‍ᠭᠦᠭ᠍ᠰᠡᠨ ᠬᠤᠪᠢᠰᠬᠠᠯᠴᠢ ᠡᠪᠦᠭᠡ ᠮᠢᠨᠢ ᠡ ︕


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6167
ᠴᠠᠭ᠄ 2011 ᠤᠨ ᠤ 10 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ