ᠨᠡᠪᠲᠡᠷᠡᠨ ᠤᠷᠤᠬᠤ
ᠨᠢᠯᠬᠠᠰᠠᠭ ᠨᠠᠭᠠᠳᠤᠮ

ᠣᠯᠢᠶᠠᠰᠤ ᠭᠡᠨᠡᠳᠲᠡ ᠪᠠᠷ ᠪᠢᠴᠢᠬᠠᠨ ᠭᠠᠷ ᠶᠢᠡᠨ ᠰᠤᠩᠭ᠋ᠠᠭᠰᠠᠭᠠᠷ᠄ 《ᠠᠪᠣ ᠡ ︕ ᠪᠢᠳᠠ ᠪᠦᠷ ᠪᠢᠴᠢᠬᠠᠨ ᠳᠠᠤᠯᠠᠢ ᠰᠢᠤ ︕》 ᠭᠡᠭᠦ ᠳᠤ ᠪᠢ ᠬᠠᠷᠢᠨ ᠨᠢᠭᠡ ᠵᠡᠷᠭᠡ ᠮᠠᠯᠠᠷᠠᠵᠤ ᠪᠠᠢ᠌ᠭᠰᠠᠨ ᠶᠢᠡᠨ ᠣᠷᠮᠠᠰ ᠭᠦᠳᠡᠯᠤᠨ ᠶᠡᠭᠡᠯ᠎ᠡ ᠪᠠᠶᠠᠰᠤᠩᠭ᠋ᠤᠢ ᠶᠠᠩᠵᠤ ᠭᠠᠷᠭᠠᠨ᠂ ᠭᠠᠷ ᠤᠨ ᠠᠯᠠᠭ᠎ᠠ ᠪᠠᠨ ᠬᠠᠪᠰᠤᠷᠤᠭᠰᠠᠭᠠᠷ ᠭᠡᠳᠦᠡᠳᠡ ᠦᠰᠤᠷᠭᠢᠯᠠᠨ ᠄ 《ᠪᠢ ᠴᠢᠨᠢ ᠳᠤᠮᠤ ᠳᠠᠤᠯᠠᠢ ᠰᠢᠤ ︕ ᠴᠢ ᠬᠠᠷᠢᠨ ᠪᠢᠴᠢᠬᠠᠨ ᠳᠠᠤᠯᠠᠢ ᠰᠢᠳᠠ ︕》 ᠭᠡᠭᠦ ᠳᠤ ᠣᠯᠢᠶᠠᠰᠤ ᠬᠠᠷᠢᠨ ᠶᠠᠭ ᠳᠡᠭᠦᠨ ᠤ ᠰᠠᠨᠠᠭᠠᠨ ᠳᠤ ᠨᠡᠢ᠌ᠴᠡᠭ᠍ᠰᠡᠨ ᠮᠠᠳᠤ ᠪᠠᠷ ᠢᠨᠢᠶᠡᠭ᠍ᠰᠡᠭᠡᠷ ᠄ 《ᠳᠠᠢ᠌ᠮᠤ ᠡ ︕ ᠪᠢᠳᠠ ᠬᠠᠮᠳᠤ ᠪᠠᠷ ᠨᠠᠭᠠᠳᠤᠶ᠎ᠠ ︕》 ᠭᠡᠵᠤ ᠪᠠᠷᠭᠢᠷᠠᠭᠰᠠᠭᠠᠷ ᠬᠤᠶᠠᠷ ᠵᠢᠭᠠᠯ ᠭᠠᠷ ᠶᠢᠡᠨ ᠳᠤᠯᠤᠭᠠᠢ ᠳᠡᠭᠡᠷ᠎ᠡ ᠪᠠᠨ ᠡᠷᠭᠦᠭ᠍ᠰᠡᠭᠡᠷ ᠡ᠊ᠨᠳᠡ ᠳᠠᠠᠳᠠ ᠦᠰᠤᠷᠭᠢᠯᠠᠵᠤ ᠡᠭᠢᠯᠡᠪᠡ᠃

ᠠᠷᠠᠢ ᠳᠠᠪᠤᠨ ᠨᠠᠰᠤ ᠭᠦᠷᠦᠭᠡ ᠦᠭᠡᠶ ᠪᠠᠭ᠎ᠠ ᠭᠡᠦᠭᠡᠨ ᠨᠢᠳᠤᠨ ᠡᠮᠤᠨ᠎ᠡ ᠳᠡᠭᠡᠵᠤ ᠯᠠ ᠳᠠᠷᠪᠠᠯᠵᠠᠨ ᠪᠠᠶᠠᠷᠯᠠᠬᠤ ᠳᠤ᠂ ᠪᠢ ᠬᠠᠷᠢᠨ ᠬᠣᠢ᠌ᠨ᠎ᠠ ᠨᠢ ᠬᠠᠢ᠌ᠪᠠᠯᠵᠠᠭᠰᠠᠭᠠᠷ ᠳᠠᠷᠠ ᠴᠠᠭ ᠲᠤ ᠬᠤᠶᠠᠷ 《ᠳᠠᠤᠯᠠᠢ》 ᠡ᠊ᠨᠳᠡ ᠳᠠᠠᠳᠠ ᠦᠰᠤᠷᠭᠢᠯᠠᠨ ᠡᠭᠢᠯᠡᠪᠡ᠃ ᠡᠪᠦᠯ ᠤᠨ ᠣᠯᠠᠷᠢᠯ ᠤᠨ ᠣᠢ ᠮᠤᠳᠤ ᠨᠢ ᠳᠠᠢ᠌ᠮᠤ ᠯᠠ ᠨᠤᠭᠤᠭᠠᠨ ᠪᠢᠰᠢ ᠪᠦᠭᠡᠳ ᠳᠠᠢ᠌ᠮᠤ ᠣᠯᠠᠨ ᠡᠪᠠᠰᠤ ᠣᠷᠭᠤᠮᠠᠯ ᠠᠯᠠᠭ᠎ᠠ ᠪᠣᠯᠪᠠᠴᠤ᠂ ᠪᠢᠳᠠ ᠬᠤᠶᠠᠷ ᠤᠨ ᠡᠢ᠌ᠮᠦᠷᠭᠦ ᠨᠢᠯᠬᠠᠰᠠᠭ ᠪᠦᠭᠡᠳ ᠢᠨᠢᠶᠠᠳᠤᠮ ᠲᠡᠶ ᠨᠠᠭᠠᠳᠤᠮ ᠤᠨ ᠴᠤᠤᠷᠢᠶᠠᠳᠤᠬᠤ ᠳᠠᠭᠤᠨ ᠪᠦᠭᠦᠢᠯᠡ ᠣᠷᠴᠢᠨ ᠳᠤᠭᠤᠷᠢᠨ ᠪᠠ ᠬᠠᠭᠢᠷ ᠭᠦᠢᠳᠡᠨ ᠠᠭᠤᠷ ᠠᠮᠠᠰᠬᠤᠯ ᠤᠨ ᠳᠤᠮᠳᠠ ᠭᠦᠩᠭᠢᠨᠡᠨ ᠤᠢ᠌ᠷ᠎ᠡ ᠣᠷᠴᠢᠮ ᠤᠨ ᠭᠦᠮᠤᠨ ᠠᠮᠢᠳᠠᠨ ᠳᠤ ᠶᠠᠮᠠᠷ ᠨᠢᠭᠡᠨ ᠠᠮᠢᠵᠢᠷᠠᠯ ᠤᠨ ᠭᠦᠴᠤᠨ ᠢ ᠣᠯᠭᠤᠬᠤ ᠰᠢᠭ ᠶᠢᠡᠷ ᠪᠢᠳᠠ ᠬᠤᠶᠠᠷ ᠤᠨ ᠳᠤᠳᠤᠷ᠎ᠠ ᠲᠤᠢ᠌ᠯ ᠤᠨ ᠪᠠᠶᠠᠷ ᠪᠠᠶᠠᠰᠬᠤᠯᠠᠩ ᠲᠡᠶ ᠤᠳᠬ᠎ᠠ ᠠᠭᠤᠯᠭ᠎ᠠ ᠲᠡᠶ ᠪᠠᠢ᠌ᠯ᠎ᠠ ︕

ᠳᠡᠢ᠌ᠮᠤ ᠡ ︕ ᠣᠤᠯ ᠨᠢ ᠪᠢ ᠪᠠᠭ᠎ᠠ ᠳᠠᠭᠠᠨ ᠴᠤ ᠢᠩᠭᠢᠵᠤ ᠨᠠᠭᠠᠳᠴᠤ ᠪᠠᠢ᠌ᠢᠭᠰᠠᠨ ᠪᠠᠢ᠌ᠬᠤ᠃ ᠭᠡᠳᠡᠯ᠎ᠡ ᠨᠠᠰᠤᠨ ᠤ ᠨᠡᠮᠡᠭ᠍ᠳᠡᠯ ᠢ ᠳᠠᠭᠠᠯᠳᠤᠨ ᠥᠩᠭᠡᠷᠡᠭ᠍ᠰᠡᠨ ᠤ ᠳᠡᠷᠡᠭᠦ ᠭᠡᠨᠡᠨ ᠬᠡᠦᠬᠡᠳ ᠦᠶᠡᠰ ᠤᠨ ᠢᠨᠢᠶᠠᠳᠤᠮ ᠲᠡᠶ ᠣᠴᠢᠷ ᠤᠳ ᠪᠠᠷᠤᠭ ᠣᠷᠤ ᠳᠠᠰᠤ ᠦᠭᠡᠶ ᠣᠷᠭᠢᠭᠳᠠᠨ᠂ ᠳᠡᠳᠡᠭᠡᠷ ᠨᠢᠯᠬᠠᠰᠠᠭ ᠪᠦᠭᠡᠳ ᠭᠦᠭᠡᠷᠦᠭᠦᠢ ᠶᠠᠪᠣᠳᠠᠯ ᠤᠳ ᠮᠢᠨᠤ ᠳᠤᠳᠤᠷ᠎ᠠ ᠶᠠᠷᠤᠨᠢ ᠳᠠᠮᠠᠢ ᠯᠠ ᠭᠦᠨ ᠰᠠᠭᠤᠭᠳᠠᠯ ᠦᠭᠡᠶ ᠪᠣᠯᠵᠠᠢ᠃ ᠭᠡᠪᠠᠴᠤ ᠨᠢᠳᠤᠨ ᠡᠮᠦᠨ᠎ᠡ ᠡᠨᠡᠭᠦ ᠪᠢᠴᠢᠬᠠᠨ ᠳᠠᠤᠯᠠᠢ ᠶᠢᠨ ᠰᠠᠨᠠᠭᠠᠴᠢᠯᠠᠭ᠎ᠠ ᠳᠤᠤᠷ᠎ᠠ᠂ ᠳᠤᠮᠤ ᠳᠠᠤᠯᠠᠢ ᠰᠠ‍‌ᠶᠢ ᠳᠡᠭᠦᠨ ᠤ ᠠᠶ᠎ᠠ ᠶᠢ ᠳᠠᠭᠠᠵᠤ ᠬᠡᠦᠬᠡᠳ ᠦᠶᠡᠰ ᠲᠡᠭᠡᠨ ᠡᠷᠭᠢᠨ ᠬᠠᠷᠢᠵᠤ᠂ ᠰᠠᠨᠠᠭ᠎ᠠ ᠰᠡᠳᠭᠢᠯ ᠢ ᠭᠡᠳᠤᠨ ᠠᠷᠪᠠᠨ ᠵᠢᠯ ᠤᠨ ᠡᠮᠦᠨ᠎ᠡ ᠡᠷᠭᠢᠭᠦᠯᠤᠨ ᠠᠪᠴᠢᠭᠰᠠᠨ ᠪᠠᠢ᠌ᠨ᠎ᠠ᠃ ᠪᠢ ᠦᠰᠤᠷᠭᠢᠯᠠᠨ ᠪᠠᠷᠭᠢᠷᠠᠭᠰᠠᠭᠠᠷ᠂ ᠬᠤᠶᠠᠷ ᠳᠤᠮᠤ ᠭᠠᠷ ᠶᠢᠡᠨ ᠳᠤᠯᠤᠭᠠᠢ ᠳᠡᠭᠡᠷ᠎ᠡ ᠪᠠᠨ ᠳᠠᠤᠯᠠᠢ ᠶᠢᠨ ᠴᠢᠭᠢ ᠪᠣᠯᠭᠠᠨ ᠳᠠᠭᠤᠷᠢᠶᠠᠵᠤ᠂ ᠡ᠊ᠨᠳᠡ ᠳᠠᠠᠳᠠ ᠳᠡᠪᠭᠡᠴᠡᠨ ᠦᠰᠦᠷᠭᠢᠯᠡᠭ᠍ᠰᠡᠭᠡᠷ᠂ ᠭᠡᠰᠡᠭ᠌ ᠣᠳᠠᠬᠤ ᠳᠤ ᠰᠠᠨᠠᠭ᠎ᠠ ᠰᠡᠳᠭᠢᠯ ᠤᠨ ᠳᠤᠳᠤᠷ᠎ᠠ ᠶᠠᠮᠠᠷ ᠨᠢᠭᠡᠨ ᠡᠮᠵᠡᠭ᠌ ᠵᠤᠪᠠᠭᠤᠷᠢ ᠶᠢ ᠪᠣᠢ ᠪᠣᠯᠭᠠᠭᠰᠠᠨ ᠰᠢᠭ ᠪᠢᠯᠠ ︕

ᠳᠠᠢ᠌ᠮᠤ ᠡ ︕ ᠪᠢ ᠪᠣᠯ ᠨᠢᠭᠡᠨ ᠳᠠᠤᠯᠠᠢ ᠮᠦᠨ᠃ ᠦᠴᠦᠭᠡᠳᠦᠷ ᠪᠢᠴᠢᠬᠠᠨ ᠳᠠᠤᠯᠠᠢ ᠬᠤᠶᠠᠷ ᠭᠡᠢ ᠪᠦᠮᠪᠦᠭᠡ ᠣᠯᠵᠤ᠂ ᠮᠢᠨᠤ ᠥᠭᠡᠳᠡ ᠄ 《ᠠᠪᠣ ᠡ ︕ ᠪᠢᠳᠠ ᠬᠠᠷᠢᠯᠴᠠᠨ ᠪᠠᠢ᠌ᠯᠳᠤᠭᠠᠨ ᠭᠢᠶ᠎ᠠ ︕》 ᠭᠡᠳ ᠨᠢᠭᠡ ᠭᠡᠢ ᠪᠦᠮᠪᠦᠭᠡ ᠪᠠᠨ ᠰᠢᠭᠤᠳ ᠨᠠᠳᠠᠳᠤ ᠭᠠᠷᠳᠠᠭᠤᠯᠪᠠ᠃ 《ᠠᠢ ︕ ᠠᠢ ︕ ᠠᠢ ︕》 ᠭᠡᠵᠤ ᠪᠢᠴᠢᠬᠠᠨ ᠳᠠᠤᠯᠠᠢ ᠠᠭᠢᠨ ᠳᠠᠭᠢᠨ ᠬᠠᠰᠭᠢᠷᠤᠭᠰᠠᠭᠠᠷ ᠭᠡᠢ ᠪᠦᠮᠪᠦᠭᠡ ᠪᠠᠷ ᠶᠢᠡᠨ ᠰᠢᠭᠤᠳ ᠨᠠᠳᠠ ᠶᠢ ᠴᠤᠭᠢᠪᠠ᠃ ᠪᠢ ᠴᠤ 《ᠬᠠᠢ ︕ ᠬᠠᠢ ︕ ᠬᠠᠢ ︕》 ᠭᠡᠭ᠍ᠰᠡᠭᠡᠷ ᠪᠢᠴᠢᠬᠠᠨ ᠳᠠᠤᠯᠠᠢ ᠶᠢᠨ ᠳᠠᠭᠠᠷᠢᠯᠳᠠ ᠶᠢ ᠣᠭᠳᠤᠪᠠ᠃ ᠪᠠᠢ᠌ᠯᠳᠤᠭᠠᠤᠨ ᠣᠷᠭᠢᠯ ᠳᠠᠭᠠᠨ ᠳᠤᠯᠬᠤ ᠦᠶᠡᠰ ᠪᠢᠴᠢᠬᠠᠨ ᠳᠠᠤᠯᠠᠢ ᠡᠴᠠ ᠄ 《ᠠᠪᠣ ᠡ ︕ ᠴᠢ ᠬᠤᠷᠳᠤᠨ ᠭᠠᠷ ᠶᠢᠡᠨ ᠳᠡᠭᠡᠭ᠍ᠰᠢ ᠪᠠᠨ ᠡᠷᠭᠦᠨ ᠨᠠᠳᠠᠳᠤ ᠪᠠᠭᠤᠨ ᠦᠭ︕》 ᠭᠡᠭ᠍ᠰᠡᠭᠡᠷ ᠭᠡᠢ ᠪᠦᠮᠪᠦᠭᠡ ᠪᠠᠷ ᠶᠢᠡᠨ ᠪᠠᠰᠠ ᠯᠠ ᠮᠢᠨᠤ ᠥᠭᠡᠳᠡ ᠨᠢᠭᠤᠷ ᠨᠢᠳᠤ ᠦᠭᠡᠶ ᠴᠤᠭᠢᠵᠤ ᠯᠠ ᠪᠠᠢ᠌ᠪᠠ᠃ ᠪᠢ ᠪᠠᠰᠠ ᠭᠡᠢ ᠪᠦᠮᠪᠦᠭᠡ ᠪᠠᠷ ᠶᠢᠡᠨ ᠪᠢᠴᠢᠬᠠᠨ ᠳᠠᠤᠯᠠᠢ ᠶᠢᠨ ᠳᠠᠭᠠᠷᠢᠯᠳᠠ ᠶᠢᠨ ᠬᠠᠷᠢᠭᠤ ᠳᠤ ᠳᠡᠭᠦᠨ ᠤ ᠬᠠᠮᠠᠷ ᠠᠮᠠ ᠶᠢ ᠨᠢ ᠴᠤᠭᠢᠵᠤ ᠯᠠ ᠪᠠᠢ᠌ᠪᠠ᠃ ᠪᠢᠴᠢᠬᠠᠨ ᠳᠠᠤᠯᠠᠢ ᠶᠢᠨ ᠡᠵᠢ ᠨᠢ ᠬᠠᠷᠢᠨ ᠬᠠᠵᠠᠭᠤ ᠳᠠᠯ᠎ᠠ ᠡᠴᠠ ᠄ 《ᠳᠠᠨᠠᠷ ᠴᠤᠬᠤᠮ ᠶᠠᠭᠠᠭᠢᠵᠤ ᠪᠠᠢ᠌ᠬᠤ ᠪᠣᠢ ︕》 ᠭᠡᠭᠦ ᠳᠤ ᠪᠢᠴᠢᠬᠠᠨ ᠳᠠᠤᠯᠠᠢ ᠮᠥᠰᠢᠶᠡᠭ᠍ᠰᠡᠭᠡᠷ ᠄ 《ᠪᠢᠳᠠ ᠪᠠᠢ᠌ᠯᠳᠤᠵᠤ ᠪᠠᠢ᠌ᠨ᠎ᠠ ᠰᠢᠤ ︕ ᠮᠠᠨ ᠤ ᠪᠠᠢ᠌ᠯᠳᠤᠭᠠᠨ ᠤ ᠵᠡᠪᠰᠡᠭ᠌ ᠢ ᠦᠵᠨ ︕》 ᠭᠡᠭᠦ ᠳᠤ ᠳᠤᠮᠤ ᠳᠠᠤᠯᠠᠢ ᠴᠤ ᠵᠠᠯᠭᠠᠪᠠᠷ ᠄ 《ᠳᠠᠢ᠌ᠮᠤ ᠡ ︕ ᠮᠠᠨ ᠤ ᠪᠠᠢ᠌ᠯᠳᠤᠭᠠᠨ ᠢ ᠦᠵᠡᠭᠡᠴᠢ ︕》 ᠭᠡᠮᠡᠨ ᠪᠠᠰᠠ ᠯᠠ ᠪᠠᠢ᠌ᠯᠳᠤᠵᠤ ᠯᠠ ᠪᠠᠢ᠌ᠯ᠎ᠠ ︕

ᠭᠢᠯᠪᠠᠷ ᠳᠦᠭᠦᠮ ᠨᠠᠭᠠᠳᠤᠮ ᠤᠨ ᠶᠠᠪᠣᠴᠠ ᠳᠤ ᠵᠦᠢ ᠶᠤᠰᠤᠨ ᠤ ᠪᠠᠶᠠᠷ ᠪᠠᠶᠠᠰᠬᠤᠯᠠᠩ ᠠᠬᠤᠯᠤᠭᠳᠠᠵᠤ ᠪᠠᠢ᠌ᠳᠠᠭ ᠰᠠᠨ᠃ ᠡᠨᠡᠭᠦ ᠪᠠᠶᠠᠷ ᠭᠦᠷ ᠨᠢ ᠦᠨᠡᠨ ᠳᠡᠭᠡᠨ ᠳᠤᠮᠤ ᠭᠦᠮᠦᠰ ᠤᠨ ᠳᠤᠮᠳᠠ ᠴᠤ ᠳᠦᠰᠦᠭᠡᠳᠡᠢ ᠪᠠᠷ ᠢᠯᠠᠷᠠᠵᠤ ᠪᠠᠢ᠌ᠳᠠᠭ ᠪᠢᠯᠠ ︕ ᠭᠡᠷᠪᠡ ᠪᠢᠴᠢᠬᠠᠨ ᠳᠠᠤᠯᠠᠢ ᠶᠢᠨ ᠵᠢᠯᠤᠭᠤᠳᠤᠯᠭ᠎ᠠ ᠪᠠᠢ᠌ᠭᠰᠠᠨ ᠦᠭᠡᠶ ᠶᠤᠮ ᠪᠣᠯ ᠪᠢ ᠴᠤ ᠳᠠᠢ᠌ᠮᠤ ᠭᠢᠯᠪᠠᠷᠬᠠᠨ ᠶᠢᠡᠷ ᠡᠢ᠌ᠮᠦᠷᠭᠦ ᠤᠳᠬ᠎ᠠ ᠠᠭᠤᠯᠭ᠎ᠠ ᠲᠡᠶ ᠨᠠᠭᠠᠳᠤᠮ ᠢ ᠦᠷᠭᠦᠯᠵᠢᠯᠡᠭᠦᠯᠵᠤ ᠴᠢᠳᠠᠬᠤ ᠦᠭᠡᠶ ᠠᠵᠠᠢ᠃ ᠳᠤᠮᠤ ᠭᠦᠮᠦᠰ ᠤᠨ ᠳᠤᠮᠳᠠᠭᠢ 《ᠮᠤᠤᠷ ᠪᠣᠯᠵᠤ ᠨᠠᠭᠠᠳᠬᠤ》 ᠨᠢ ᠬᠠᠷᠢᠨ ᠪᠣᠳᠠᠳᠤ ᠠᠮᠢᠳᠤᠷᠠᠯ ᠤᠨ ᠶᠠᠪᠣᠴᠠ ᠳᠤ ᠲᠤᠢ᠌ᠯ ᠤᠨ ᠠᠶᠤᠮᠰᠢᠭᠳᠠᠢ ᠪᠠᠢ᠌ᠵᠤ ᠮᠠᠳᠠᠨ᠎ᠡ᠃ ᠭᠡᠳᠡᠯ᠎ᠡ᠂ ᠪᠢᠴᠢᠬᠠᠨ ᠳᠠᠤᠯᠠᠢ ᠶᠢᠨ ᠳᠠᠷᠠ ᠡᠳᠦᠷ ᠤᠨ 《ᠮᠤᠤᠷ ᠪᠣᠯᠵᠤ ᠨᠢᠭᠤᠵᠤ ᠨᠠᠭᠠᠳᠬᠤ》 ᠨᠢ ᠭᠦᠮᠤᠨ ᠤ ᠠᠮᠢᠳᠤᠷᠠᠯ ᠤᠨ ᠶᠠᠪᠣᠴᠠ ᠳ᠋ᠠᠭᠢ ᠨᠢᠭᠡ ᠵᠣᠢ᠌ᠯ ᠤᠨ ᠪᠣᠳᠠᠳᠤ ᠠᠬᠤᠢ ᠶᠢᠨ ᠵᠥᠴᠦᠭᠡᠯᠡᠯ ᠤᠨ ᠶᠠᠪᠣᠴᠠ ᠮᠠᠳᠤ ᠪᠢᠯᠠ᠃

《ᠠᠪᠣ ᠡ ︕ ᠴᠢ ᠣᠠᠳᠠᠵᠤ ᠪᠠᠢ᠌ᠬᠤ ᠪᠠᠷ ᠣᠪᠯᠨ ︕ ᠳᠦᠷᠭᠡᠨ ᠣᠠᠳᠠ ︕》 ᠭᠡᠵᠤ ᠪᠢᠴᠢᠬᠠᠨ ᠳᠠᠤᠯᠠᠢ ᠨᠢᠭᠡ ᠬᠤᠤᠰ ᠭᠢᠷᠠᠬᠠᠢ ᠨᠢᠳᠤ ᠪᠠᠨ ᠭᠢᠯᠠᠯᠵᠠᠭᠤᠯᠤᠭᠰᠠᠭᠠᠷ ᠳᠠᠢ᠌ᠮᠤ ᠴᠤ ᠬᠡᠦᠬᠡᠳ ᠤᠨ ᠢᠨᠢᠶᠠᠳᠤᠮ ᠲᠡᠶ ᠭᠡᠯᠡ ᠭᠡᠯᠡᠯᠭᠡ ᠪᠠᠷ ᠶᠠᠷᠢᠨ᠎ᠠ ᠳ᠋ᠠ ︕ 《ᠪᠣᠯᠤᠨ᠎ᠠ ︕ ᠪᠢ ᠣᠳᠤ ᠣᠠᠳᠠᠯ᠎ᠠ ᠰᠢᠤ ︕ ᠭᠦᠦᠷ ︕ ᠭᠦᠦᠷ ︕ ᠭᠦᠦᠷ ︕》 ᠭᠡᠭ᠍ᠰᠡᠭᠡᠷ ᠳᠤᠮᠤ ᠳᠠᠤᠯᠠᠢ ᠨᠢᠳᠤ ᠪᠠᠨ ᠠᠨᠢᠬᠤ ᠳᠤ ᠴᠢᠭᠢ ᠶᠢᠨ ᠬᠠᠵᠠᠭᠤ ᠳᠤ ᠬᠠᠷᠢᠨ ᠨᠢᠭᠡ ᠵᠡᠷᠭᠡ 《ᠱᠢᠷ ︕ ᠱᠢᠷ ︕》 ᠭᠡᠭᠦ ᠭᠦᠯ ᠤᠨ ᠴᠢᠮᠡᠭᠡ ᠭᠠᠷᠴᠤ ᠪᠠᠢ᠌ᠪᠠ᠃ 《ᠪᠣᠯᠵᠠᠢ ︕ ᠣᠳᠤ ᠴᠢ ᠨᠠᠳᠠ ᠶᠢ ᠡᠷᠢ ︕》 ᠭᠡᠵᠤ ᠪᠢᠴᠢᠬᠠᠨ ᠳᠠᠤᠯᠠᠢ ᠬᠤᠯᠠ ᠰᠢᠭ ᠭᠠᠵᠠᠷ ᠡᠴᠠ ᠬᠠᠰᠭᠢᠷᠴᠤ ᠯᠠ ᠪᠠᠢ᠌ᠪᠠ᠃ ᠳᠤᠮᠤ ᠳᠠᠤᠯᠠᠢ ᠭᠡᠨᠡᠳᠲᠡ ᠨᠢᠳᠤ ᠪᠠᠨ ᠨᠡᠭᠡᠭᠡᠭᠦ ᠳᠤ ᠪᠢᠴᠢᠬᠠᠨ ᠳᠠᠤᠯᠠᠢ ᠬᠠᠷᠢᠨ ᠬᠤᠯᠠ ᠰᠢᠭ ᠭᠡᠷᠡᠮ ᠤᠨ ᠪᠣᠯᠤᠩ ᠤᠨ ᠳᠡᠷᠭᠡᠳᠡ ᠵᠤᠭᠰᠤᠭᠠᠤᠨ ᠳᠡᠭᠡᠵᠤ ᠯᠠ ᠰᠠᠢ᠌ᠬᠠᠠᠨ ᠢᠨᠢᠶᠡᠭ᠍ᠰᠡᠭᠡᠷ ᠪᠠᠢ᠌ᠪᠠ᠃ ᠭᠡᠪᠠᠴᠤ ᠳᠠᠢ᠌ᠮᠤ ᠭᠢᠯᠪᠠᠷᠬᠠᠨ ᠶᠢᠡᠷ ᠳᠡᠭᠦᠨ ᠢ ᠡᠷᠢᠨ ᠣᠯᠵᠤ ᠪᠣᠯᠬᠤ ᠦᠭᠡᠶ᠂ ᠳᠠᠷᠣᠢ᠌ᠬᠠᠨ ᠣᠯᠪᠠᠯ ᠪᠢᠴᠢᠬᠠᠨ ᠳᠠᠤᠯᠠᠢ ᠪᠠᠶᠠᠷᠯᠠᠬᠤ ᠦᠭᠡᠶ ᠮᠠᠭᠠᠤᠨ ︕ ᠡᠢ᠌ᠮᠤ ᠡᠴᠠ ᠳᠤᠮᠤ ᠳᠠᠤᠯᠠᠢ ᠪᠠᠰᠢᠷ ᠠᠷᠭ᠎ᠠ ᠭᠠᠷᠭᠠᠨ ᠳᠤᠯᠤᠭᠠᠢ ᠪᠠᠨ ᠡᠰᠢ ᠳᠠᠰᠢ ᠭᠡᠳᠦᠡᠳᠡ ᠰᠠᠵᠢᠯᠯᠠᠭᠰᠠᠨ ᠴᠤ ᠣᠯᠵᠤ ᠦᠵᠡᠭ᠍ᠰᠡᠨ ᠦᠭᠡᠶ ᠰᠢᠭ᠌ ᠶᠢᠡᠷ ᠵᠥᠪᠭᠡᠨ ᠳᠡᠷᠢᠭᠦᠨ ᠡᠷᠭᠦᠨ ᠳᠡᠭᠡᠭ᠍ᠰᠢ ᠪᠠᠨ ᠬᠠᠠᠳᠤᠵᠤ ᠄ 《ᠡᠷᠢᠵᠤ ᠣᠯᠬᠤ ᠦᠭᠡᠶ ᠯᠠᠢ ︕》 ᠭᠡᠭᠦ ᠳᠤ ᠪᠢᠴᠢᠬᠠᠨ ᠳᠠᠤᠯᠠᠢ ᠬᠠᠷᠢᠨ ᠶᠡᠭᠡᠯ᠎ᠡ ᠪᠠᠴᠢᠮᠳᠠᠨ ᠰᠠᠠᠳᠤᠷᠴᠤ ᠄ 《ᠠᠪᠣ ᠡ ︕ ᠪᠢ ᠡᠨᠡ ᠳᠤᠤᠷ᠎ᠠ ᠪᠠᠢ᠌ᠨ᠎ᠠ ︕》 ᠭᠡᠭᠦ ᠳᠤ ᠳᠤᠮᠤ ᠳᠠᠤᠯᠠᠢ ᠰᠠ‍‌ᠶᠢ ᠰᠠᠷᠠᠵᠤ ᠮᠡᠳᠡᠭ᠍ᠰᠡᠨ ᠰᠢᠭ᠌ ᠶᠢᠡᠷ ᠄ 《ᠠᠢ ︕ ᠥᠨᠡᠭᠡᠷ ᠳᠠᠠᠳᠠ ᠪᠠᠢ᠌ᠨ᠎ᠠ ᠰᠢᠳᠠ ︕ ᠪᠢ ᠣᠳᠤ ᠴᠢᠨᠤ ᠬᠠᠮᠠᠷ ᠢ ᠴᠢᠨᠢ ᠢᠳᠠᠶ᠎ᠠ ︕》 ᠭᠡᠭᠦ ᠳᠤ ᠪᠢᠴᠢᠬᠠᠨ ᠳᠠᠤᠯᠠᠢ ᠪᠠᠶ᠎ᠠ ᠡᠷᠭᠢᠨ ᠴᠢᠨᠠᠭᠰᠢ ᠳᠤᠳᠠᠭᠠᠪᠠ᠃ ᠳᠤᠮᠤ ᠳᠠᠤᠯᠠᠢ ᠬᠠᠷᠢᠨ ᠭᠠᠷ ᠶᠢᠡᠨ ᠰᠤᠩᠭ᠋ᠠᠮᠠᠭᠴᠠ ᠪᠢᠴᠢᠬᠠᠨ ᠳᠠᠤᠯᠠᠢ ᠶᠢ ᠪᠠᠷᠢᠨ ᠠᠪᠴᠤ ᠳᠡᠭᠦᠨ ᠤ ᠬᠠᠮᠠᠷ ᠢ ᠠᠭᠢᠨ ᠳᠠᠭᠢᠨ ᠡᠮᠭᠦᠵᠤ ᠬᠠᠴᠠᠷ ᠢ ᠨᠢ ᠰᠤᠷᠤᠨ ᠰᠠᠨᠠᠭᠰᠠᠭᠠᠷ ᠪᠠᠢ᠌ᠬᠤ ᠳᠤ ᠪᠢᠴᠢᠬᠠᠨ ᠳᠠᠤᠯᠠᠢ ᠴᠤ ᠬᠠᠳᠠᠭᠠᠨᠠᠳᠠᠯ᠎ᠠ ᠪᠠᠨ ᠢᠨᠢᠶᠠᠵᠤ ᠯᠠ ᠪᠠᠢ᠌ᠯ᠎ᠠ ︕

ᠡᠢ᠌ᠮᠦᠷᠭᠦ ᠱᠤᠭᠯᠠᠨ ᠨᠠᠭᠠᠳᠬᠤ ᠨᠢ ᠶᠠᠮᠠᠷ ᠴᠤ ᠭᠦᠨ ᠰᠢᠠᠵᠢ ᠴᠢᠨᠠᠷ ᠭᠡᠵᠤ ᠠᠬᠤᠯᠤᠭᠳᠠᠬᠤ ᠦᠭᠡᠶ ᠶᠤᠮ᠃ ᠨᠠᠭᠠᠳᠤᠮ ᠤᠨ ᠭᠤᠭᠴᠤᠭ᠎ᠠ ᠨᠢ ᠬᠠᠰᠢᠯᠠ ᠪᠢᠴᠢᠬᠠᠨ ᠳᠠᠤᠯᠠᠢ ᠶᠢᠨ ᠭᠠᠷ ᠲᠤ ᠪᠣᠢ᠃ ᠳᠠᠷᠤᠢ 《ᠮᠤᠤᠷ ᠪᠣᠯᠵᠤ ᠨᠠᠭᠠᠳᠬᠤ ᠰᠢᠭ》 ᠠᠯᠢᠪᠠ ᠪᠦᠭᠦᠨ ᠨᠢ ᠢᠨᠢᠶᠠᠳᠤᠮ ᠲᠡᠶ ᠨᠠᠭᠠᠳᠤᠮ ᠶᠢᠡᠷ ᠦᠨᠳᠦᠰᠦ ᠪᠣᠯᠭᠠᠨ᠂ 《ᠨᠢᠭᠤᠬᠤ》 ᠨᠢ ᠵᠥᠪᠭᠡᠨ ᠨᠢᠭᠡ ᠵᠣᠢ᠌ᠯ ᠤᠨ ᠪᠠᠯᠭᠡ ᠳᠡᠮᠳᠡᠭ᠌ ᠤᠨ ᠳᠠᠳᠤᠢ ᠪᠢᠯᠠ ︕ ᠭᠡᠷᠪᠡ 《ᠨᠢᠭᠤᠬᠤ》 ᠪᠠᠷ ᠦᠨᠳᠦᠰᠦ ᠪᠣᠯᠭᠠᠪᠠᠯ ᠳᠡᠳᠡᠭᠡᠷ ᠢᠨᠢᠶᠠᠳᠤᠮ ᠨᠢ ᠵᠥᠪᠭᠡᠨ ᠥᠩᠭᠡ ᠶᠢᠨ ᠳᠠᠳᠤᠢ ᠣᠴᠢᠷ ᠪᠣᠯᠬᠤ ᠶᠤᠮ ᠳ᠋ᠠ ︕

ᠪᠦᠷᠢᠨ ᠪᠣᠰᠤ ᠪᠦᠷᠢᠳᠭᠡᠯ ᠢ ᠦᠨᠳᠦᠰᠦᠯᠠᠪᠠᠯ ᠡᠷᠳᠡ ᠡᠳᠦᠭᠡ ᠶᠢᠨ ᠠᠭᠤᠤ ᠶᠡᠭᠡ ᠣᠷᠠᠯᠢᠭᠴᠢᠨ᠂ ᠭᠦᠨ ᠣᠬᠠᠭᠠᠠᠳᠠᠨ ᠨᠡᠷ ᠤᠨ ᠶᠡᠷᠦᠩᠭᠡᠢ ᠣᠠᠴᠠᠯᠢᠭ ᠨᠢ ᠴᠦᠮ ᠬᠡᠦᠬᠡᠳ ᠤᠨ ᠵᠠᠩ ᠠᠭᠠᠯᠢ ᠲᠡᠶ ᠪᠠᠢ᠌ᠳᠠᠭ ᠰᠠᠨ᠂ ᠭᠡᠳᠡᠯ᠎ᠡ ᠳᠠᠳᠠ ᠨᠡᠷ ᠬᠠᠷᠢᠨ ᠶᠠᠷᠤ ᠳᠡᠭᠡᠨ ᠶᠠᠪᠣᠳᠠᠯ ᠣᠴᠢᠷ ᠲᠤ ᠲᠤᠢ᠌ᠯ ᠤᠨ ᠶᠡᠭᠡ 《ᠬᠠᠴᠢᠨ ᠰᠤᠨᠢᠷᠬᠠᠬᠤ》 ᠵᠠᠩ ᠠᠪᠣᠷᠢ ᠡᠴᠠ ᠡᠭᠢᠯᠡᠨ᠂ ᠳᠠᠳᠠᠨ ᠤ ᠬᠡᠦᠬᠡᠳ ᠤᠨ ᠰᠢᠭ᠌ ᠳᠡᠷᠡᠭᠦ ᠵᠠᠩ ᠠᠷᠠᠠᠰᠢᠨ ᠢ ᠨᠢ ᠣᠢ᠌ᠯᠭᠠᠬᠤ ᠴᠢᠬᠤᠯᠠ ᠲᠡᠶ ᠪᠠᠢ᠌ᠨ᠎ᠠ ᠳ᠋ᠠ ︕ ᠡᠳᠡᠭᠡᠷ ᠳᠠᠳᠬᠠᠯ ᠨᠢ ᠪᠠᠷᠤᠭ ᠯᠠ ᠳᠠᠳᠠ ᠨᠡᠷ ᠤᠨ ᠨᠠᠢ᠌ᠳᠠ ᠶᠢᠨ ᠣᠠᠴᠠᠯᠢᠭ ᠤᠨ ᠳᠠᠳᠤᠢ ᠪᠠᠢ᠌ᠳᠠᠭ ᠶᠤᠮ᠃ ᠠᠮᠢᠳᠤᠷᠠᠯ ᠤᠨ ᠶᠠᠪᠣᠴᠠ ᠳᠤ ᠳᠡᠳᠡᠭᠡᠷ ᠪᠢᠴᠢᠬᠠᠨ ᠬᠡᠦᠬᠡᠳ ᠤᠨ ᠵᠠᠩ ᠠᠭᠠᠯᠢ᠂ ᠦᠨᠡᠠᠴᠢ ᠴᠠᠭᠠᠪᠣᠷᠢ ᠰᠡᠳᠭᠢᠯ ᠨᠢ ᠳᠠᠳᠠ ᠨᠡᠷ ᠤᠨ ᠬᠤᠵᠢᠮ ᠤᠨ ᠠᠭᠤᠤ ᠶᠡᠭᠡ ᠣᠢ᠌ᠯᠠᠰ ᠢ ᠪᠦᠳᠦᠭᠡᠭᠦ ᠵᠠᠮ ᠳ᠋ᠤᠨᠢ ᠳᠦᠷᠭᠡᠳᠭᠡᠭᠦᠷ ᠤᠨ ᠣᠢ᠌ᠯᠠᠳᠤᠯ ᠢ ᠦᠵᠡᠭᠦᠯᠭᠦ ᠨᠢ ᠳᠠᠮᠵᠢᠭ ᠦᠭᠡᠶ ᠶᠤᠮ ᠳ᠋ᠠ ︕ ᠮᠢᠨᠤ ᠦᠵᠡᠭᠦ ᠪᠠᠷ᠂ ᠳᠡᠳᠡᠭᠡᠷ ᠭᠦᠮᠤᠨ ᠳᠦᠷᠤᠯᠭᠢᠳᠠᠨ ᠤ ᠤᠳᠬ᠎ᠠ ᠰᠤᠶᠤᠯ ᠢ ᠭᠦᠡᠵᠡᠭᠡᠢ᠌ᠷᠡᠭᠦᠯᠤᠨ ᠠᠭᠢᠭᠤᠯᠤᠭᠴᠢ᠂ ᠭᠦᠨ ᠣᠬᠠᠭᠠᠠᠳᠠᠨ ᠨᠡᠷ ᠬᠠᠷᠢᠨ ᠭᠡᠵᠢᠶᠡᠳᠡ ᠪᠢᠴᠢᠬᠠᠨ ᠬᠡᠦᠬᠡᠳ ᠤᠨ ᠵᠠᠩ ᠠᠪᠣᠷᠢ ᠲᠡᠶ ᠪᠠᠢ᠌ᠭᠰᠠᠨ ᠡᠴᠠ ᠪᠠᠨ ᠥᠢᠯᠡᠳᠦᠯᠭᠡ ᠶᠢᠨ ᠶᠠᠪᠣᠴᠠ ᠳᠤ ᠶᠠᠷᠤ ᠶᠢᠨ ᠭᠦᠮᠦᠰ ᠤᠨ ᠪᠣᠳᠠᠳᠤ ᠥᠢᠯᠡᠳᠦᠯᠭᠡ ᠡᠴᠠ ᠳᠠᠪᠠᠵᠤ᠂ ᠣᠷᠭᠢᠯᠤᠮ᠎ᠠ ᠬᠠᠯᠠᠭᠤᠨ ᠰᠡᠳᠬᠢᠯᠭᠡ ᠪᠠᠷ ᠳᠠᠳᠠ ᠨᠡᠷ ᠤᠨ ᠳᠤᠳᠤᠭᠠᠳᠤ ᠰᠡᠳᠬᠢᠯᠭᠡ ᠶᠢᠨ ᠦᠨᠡᠠᠴᠢ ᠵᠢᠳᠭᠦᠯ ᠤᠨ ᠬᠠᠭᠤᠳᠠᠰᠤ ᠪᠠᠨ ᠵᠢᠷᠤᠭᠯᠠᠨ ᠴᠤᠭᠴᠠᠯᠠᠵᠤ᠂ ᠳᠦᠭᠦᠮ ᠳᠦᠲᠡ ᠳᠤᠭᠯᠠᠭᠠᠮ ᠨᠠᠬᠠᠳᠤᠮ ᠤᠨ ᠳᠤᠮᠳᠠ ᠡᠴᠠ ᠭᠦᠨ ᠭᠦᠡᠵᠡᠭᠡᠢ ᠰᠢᠡᠵᠢᠯᠡᠭᠦ ᠣᠬᠠᠭᠠᠠᠴᠢ ᠴᠢᠨᠠᠷ ᠲᠡᠶ ᠪᠠᠶᠠᠯᠢᠭ ᠦᠷ᠎ᠡ ᠪᠦᠳᠦᠭᠡᠯ ᠤᠳ ᠢ ᠠᠭᠤᠳᠠᠯᠯᠠᠨ᠂ ᠬᠤᠵᠢᠮ ᠤᠨ ᠭᠦᠮᠦᠰ ᠲᠤ ᠪᠠᠶᠠᠷ ᠵᠢᠷᠭᠠᠯ ᠢ ᠣᠯᠭᠤᠳᠠᠭ ᠰᠠᠨ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 64020
ᠴᠠᠭ᠄ 2014 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ