ᠨᠡᠪᠲᠡᠷᠡᠨ ᠤᠷᠤᠬᠤ
ᠶᠠᠭᠠᠬᠢᠳᠠᠭ ᠶᠤᠮ

ᠰᠤᠨᠤᠰᠬᠤ ᠲᠤᠷ᠎ᠠ ᠦᠭᠡᠶ ᠦᠭᠡ ᠶᠢ ᠴᠢ᠍ᠨᠢ

ᠰᠤᠨᠤᠷ ᠢ ᠴᠢ᠍ᠨᠢ ᠬᠤᠷᠤᠰᠬᠠᠵᠤ ᠬᠡᠯᠡᠬᠦ ᠳ᠋ᠥ ᠶᠠᠭᠠᠬᠢᠳ᠋ᠠᠭ ᠶᠤᠮ

ᠰᠤᠷᠳ᠋ᠤᠭᠤ ᠲᠡᠶ ᠲᠡᠷᠡ ᠵᠠᠩ ᠢ ᠴᠢ᠍ᠨᠢ  ᠭᠤᠶᠠᠳ᠋ᠠᠵᠤ

ᠰᠤᠬᠤᠷ ᠲᠠᠰᠢ᠍ᠭᠤᠷ ᠪᠠᠭᠤᠯᠭᠠᠪᠠᠯ ᠶᠠᠭᠠᠬᠢᠳ᠋ᠠᠭ ᠶᠤᠮ

ᠨᠠᠩᠵᠢ᠍ᠳ ᠤᠨ ᠬᠠᠯᠰᠠᠭᠠᠨ ᠳ᠋ᠥ ᠨᠤᠶᠠᠨ ᠶᠢᠡᠨ ᠭᠠᠢ᠌ᠬᠠᠭᠤᠯᠵᠤ

ᠨᠤᠳ᠋ᠤᠭ ᠤᠨ ᠰᠢ᠍ᠷᠦᠢ ᠶᠢ ᠴᠢ᠍ᠮᠬᠢᠯᠡᠨ ᠬᠢᠮᠤᠰᠳ᠋ᠠᠵᠤ

ᠨᠠᠭᠠᠯᠢ᠍ᠩᠬᠠᠢ ᠦᠩᠭᠡᠨ ᠤ ᠲᠠᠴᠢ᠍ᠶᠠᠯ ᠳ᠋ᠥ ᠰᠢ᠍ᠨᠤᠬᠠᠢ᠌ᠷᠠᠭᠰᠠᠨ

ᠨᠠᠵᠠᠭᠠᠢ  ᠰᠤᠷᠳ᠋ᠠᠯ ᠢ ᠴᠢ᠍ᠨᠢ ᠳᠠᠭᠠᠷᠢ᠍ᠬᠤ ᠳ᠋ᠥ ᠶᠠᠭᠠᠬᠢᠳ᠋ᠠᠭ ᠶᠤᠮ

ᠮᠦ᠋ᠩᠭᠦᠨ ᠮᠦ᠋ᠬᠦᠯᠢ᠍ᠭ᠌ ᠬᠤᠷ᠎ᠠ ᠪᠠᠷ ᠱᠠᠭᠢᠭᠤᠯᠵᠤ

ᠮᠦ᠋ᠯᠬᠦᠵᠦ ᠂ ᠮᠦ᠋ᠷᠭᠦᠮᠡᠷ ᠵᠦ᠋ᠭᠡᠯᠡᠨ ᠨᠠᠭᠠᠯᠢ᠍ᠩᠬᠠᠢ᠌ᠷᠠᠵᠤ

ᠮᠦ᠋ᠮᠦ ᠶᠢᠨ ᠶᠢᠡᠨ ᠦᠯᠦᠭᠡᠢ᠌ᠳ᠋ᠡᠭ᠍ᠰᠡᠨ ᠰᠢ᠍ᠷᠤᠢ ᠶᠢ ᠬᠦᠨᠳ᠋ᠡᠵᠦ

ᠮᠦ᠋ᠷ ᠦᠭᠡᠶ ᠶᠠᠪᠤᠭᠰᠠᠨ ᠢ ᠴᠢ᠍ᠨᠢ ᠵᠠᠯᠬᠠᠬᠤ ᠳ᠋ᠥ ᠶᠠᠭᠠᠬᠢᠳ᠋ᠠᠭ ᠶᠤᠮ

ᠨᠠᠩᠭᠢᠶᠠᠳ ᠤᠨ ᠮᠠᠭᠤ ᠪᠠᠷ ᠪᠤᠷᠤᠭᠣ ᠬᠡᠯᠡᠯᠵᠦ

ᠨᠤᠳ᠋ᠤᠭ ᠤᠨ ᠪᠠᠨ ᠰᠢ᠍ᠮ᠎ᠠ ᠶᠢ ᠳᠤᠷ᠎ᠠ ᠪᠠᠷ ᠲᠠᠯᠬᠢᠳ᠋ᠠᠵᠤ

ᠨᠢ᠍ᠭᠤᠴᠠ ᠪᠠᠷ ᠂ ᠢᠯᠡ ᠪᠠᠷ ᠨᠤᠮᠯᠤᠵᠤ ᠪᠠᠢ᠌ᠬᠤ ᠶᠢ ᠴᠢ᠍ᠨᠢ

ᠨᠠᠢ᠌ᠷᠠᠭ ᠤᠨ ᠰᠡᠯᠡᠮ᠎ᠠ ᠪᠠᠷ ᠴᠠᠪᠴᠢ᠍ᠬᠤ ᠳ᠋ᠥ ᠶᠠᠭᠠᠬᠢᠳ᠋ᠠᠭ ᠶᠤᠮ

ᠱᠢ᠍ᠳ᠋ᠤᠷᠭᠤ ᠭᠠᠳ᠋ᠠ ᠶᠢᠨ ᠴᠢ᠍ᠰᠤ ᠶᠢ ᠰᠢ᠍ᠩᠭᠡᠭᠡᠵᠦ

ᠴᠤᠤᠳ᠋ᠠᠢ ᠭᠠᠯᠳ᠋ᠠᠨ ᠤ ᠰᠦ᠋ᠰᠦ ᠶᠢ ᠪᠤᠴᠠᠯᠭᠠᠵᠤ

ᠪᠤᠷᠬᠠᠨ ᠶᠢᠡᠨ ᠪᠢᠰᠢ ᠂ ᠰᠢ᠍ᠷᠤᠢ ᠪᠠᠨ ᠳᠠᠬᠢᠵᠤ

ᠪᠠᠭᠠᠯᠵᠤᠤᠷ ᠬᠦᠵᠦᠭᠦᠤ ᠶᠢ ᠴᠢ᠍ᠨᠢ ᠮᠤᠰᠬᠢᠪᠠᠯ ᠶᠠᠭᠠᠬᠢᠳ᠋ᠠᠭ ᠶᠤᠮ

ᠦᠪᠡᠷ ᠳᠡᠭᠡᠨ ᠪᠢᠰᠢ ᠂ ᠦᠷ᠎ᠠ ᠳᠡᠭᠡᠨ

ᠦᠮᠴᠢ᠍ᠯᠡᠵᠦ ᠦᠪᠯᠡᠭ᠍ᠰᠡᠨ ᠰᠢ᠍ᠷᠤᠢ ᠪᠠᠨ

ᠦᠷᠦᠭᠡᠯ ᠤᠨ ᠰᠠᠪᠠᠷ ᠡᠴᠡ ᠬᠠᠷᠠᠮᠨᠠᠵᠤ

ᠦᠩᠬᠦᠯᠵᠦᠭ᠌ ᠢ ᠴᠢ᠍ᠨᠢ  ᠬᠠᠭᠠᠷᠠᠳ᠋ᠠᠯ᠎ᠠ ᠠᠶᠤᠯᠭᠠᠬᠤ ᠳ᠋ᠥ ᠶᠠᠭᠠᠬᠢᠳ᠋ᠠᠭ ᠶᠤᠮ ᠃


ᠵᠤᠬᠢᠶᠠᠭᠴᠢ᠄ ᠪᠦᠬᠡᠲᠤᠭᠲᠠᠬᠤ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 69830
ᠴᠠᠭ᠄ 2017 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ