ᠨᠡᠪᠲᠡᠷᠡᠨ ᠤᠷᠤᠬᠤ
ᠴᠢᠮ᠎ᠠ ᠶᠢ ᠪᠠᠨ ᠬᠠᠢ᠌ᠷᠠᠯᠠᠵᠤ ᠶᠠᠪᠣᠯ᠎ᠠ

ᠴᠢᠮ᠎ᠠ ᠶᠢ ᠪᠠᠨ ᠪᠢ ᠬᠠᠢ᠌ᠷᠠᠯᠠᠵᠤ ᠶᠠᠪᠣᠯ᠎ᠠ

ᠦᠨᠦᠴᠢᠨ ᠨᠢᠭᠡ ᠭᠦᠤ ᠪᠠᠢ᠌ᠭᠰᠠᠨ ᠡ

ᠥᠭᠦᠭᠡᠷᠳᠡᠮᠡᠷ ᠨᠢᠭᠡ ᠵᠢᠷᠦᠭᠡ ᠪᠠᠢ᠌ᠭᠰᠠᠨ ᠡ

ᠡᠷᠳᠡᠮ ᠰᠤᠶᠤᠯ ᠤᠨ ᠠᠩᠬᠠᠨ ᠤ ᠮᠦᠷ ᠳᠤ

ᠡᠩᠭᠦᠷᠡᠢ᠌ᠯᠡᠭ᠍ᠳᠡᠨ ᠪᠠᠢ᠌ᠯ᠎ᠠ ᠴᠤ ᠡᠵᠡᠮᠰᠢᠭᠦ ᠴᠢᠳᠠᠯ ᠬᠤᠮᠰᠠ

ᠡᠩ ᠤᠨ ᠡᠷᠡᠭᠦᠯ ᠰᠠᠷᠠᠭᠤᠯ ᠬᠡᠦᠬᠡᠳ ᠤᠨ ᠳᠤᠮᠳᠠ

ᠡᠳᠡᠭᠡᠳ ᠵᠦᠷᠢᠭᠦᠤᠨ ᠴᠤ ᠥᠭ᠍‍ᠭᠢᠶᠡᠮᠦᠷᠴᠢ ᠴᠠᠢ᠌ᠯᠭᠠᠨ ᠳᠠ

ᠣᠶᠤᠨ ᠪᠣᠳᠤᠯ ᠳᠤ ᠮᠢᠨᠢ ᠣᠷᠤᠮᠳᠠᠭᠰᠠᠨ

ᠣᠠᠴᠠ ᠶᠢᠨ ᠡᠩᠭᠦᠷᠡᠢ᠌ᠯᠡᠭ᠍ᠳᠡᠯ ᠪᠠᠢ᠌ᠭᠰᠠᠨ

ᠣᠬᠠᠭᠠᠨ ᠰᠠᠮᠪᠠᠭ᠎ᠠ ᠳᠤ ᠮᠢᠨᠢ ᠭᠤᠭᠴᠤᠭᠠᠯᠠᠭᠳᠠᠭᠰᠠᠨ

ᠥᠭᠦᠭᠡᠷᠳᠡᠮᠡᠷ ᠨᠢᠭᠡᠨ ᠵᠢᠷᠦᠭᠡ ᠪᠣᠯᠤᠭᠰᠠᠨ

ᠴᠠᠭ ᠤᠨ ᠣᠷᠤᠰᠬᠠᠯ ᠳᠤ ᠣᠭᠢᠶᠠᠭᠳᠠᠭ᠎ᠠ ᠥᠭᠡᠢ

ᠴᠠᠢ᠌ᠯᠭᠠᠨ ᠰᠡᠳᠭᠢᠯ ᠢ ᠴᠢᠨᠢ ᠮᠠᠳᠠᠷᠠᠨ

ᠴᠢᠳᠠᠯ ᠴᠢᠳᠠᠪᠣᠷᠢ ᠡᠴᠡ ᠪᠠᠨ ᠭᠡᠳᠦᠷᠡᠳᠡᠯ᠎ᠡ

ᠴᠢᠮ᠎ᠠ ᠪᠠᠨ ᠪᠢ ᠬᠠᠢ᠌ᠷᠠᠯᠠᠵᠤ ᠶᠠᠪᠣᠯ᠎ᠠ᠃

ᠡᠭᠡ ᠶᠢᠨ ᠬᠠᠢ᠌ᠷ᠎ᠠ ᠳᠤ ᠪᠠᠨ ᠥᠳᠦᠷᠢᠭ᠍ᠳᠦᠭ᠍ᠰᠡᠨ

ᠡᠨᠡᠷᠢᠯ ᠳᠤᠳᠠᠮᠠᠭ ᠵᠠᠶᠠᠭ᠎ᠠ ᠶᠢ ᠴᠢᠨᠢ ᠦᠷᠤᠪᠳᠤᠨ

ᠡᠮᠵᠡᠭ᠌ ᠰᠡᠳᠭᠢᠯ ᠤᠨ ᠴᠢᠨᠢ ᠡᠮᠳᠡᠷᠭᠡᠢ ᠳᠤ ᠴᠢᠨᠢ

ᠥᠭᠡᠳᠡᠰᠤ ᠴᠤ ᠪᠣᠯᠤᠭᠰᠠᠨ ᠴᠤ ᠨᠥᠭᠦᠪᠦᠷᠢᠯᠡᠶ᠎ᠡ ᠰᠠᠨᠠᠭᠠᠰᠢᠷᠠᠨ

ᠬᠠᠢ᠌ᠷ᠎ᠠ ᠪᠠᠷ ᠳᠤᠳᠠᠬᠤ ᠦᠭᠡᠶ ᠬᠤᠷᠸ᠎ᠠ ᠳ᠋ᠤ

ᠬᠠᠢ᠌ᠷᠠᠯᠠᠭᠳᠠᠵᠤ ᠴᠢᠳᠠᠯ ᠦᠭᠡᠶ ᠳᠠᠪᠢᠯᠠᠩ ᠊᠊᠊᠊᠊᠊᠊᠊᠊᠊᠊᠊᠊᠊᠊ ᠬᠠᠷᠠᠰᠠᠯ ᠪᠠᠢ᠌ᠭᠰᠠᠨ ᠢ

ᠬᠠᠢ᠌ᠷᠬᠠᠨ ᠴᠢᠨᠤ ᠡᠮᠵᠡᠭ᠌ ᠪᠦᠭᠦᠨ ᠡᠴᠡ

ᠬᠠᠮᠤᠵᠤ ᠮᠠᠳᠠᠷᠠᠨ ᠬᠠᠷᠠᠮᠨᠠᠨ ᠡᠷᠭᠢᠮᠨᠡᠨ ᠭᠢᠮᠠᠭᠠᠳᠤᠯ᠎ᠠ︕

ᠦᠨᠦᠴᠢᠨ ᠵᠢᠷᠦᠭᠡ ᠊᠊᠊᠊᠊᠊᠊᠊᠊᠊᠊᠊᠊᠊᠊ ᠥᠭᠡᠯᠡᠭᠡᠴᠢ ᠪᠠᠢ᠌ᠭᠰᠠᠨ

ᠥᠭᠡᠯᠡᠭᠦ ᠳᠤᠳᠤᠮ ᠡᠮᠵᠡᠭᠯᠡᠳᠡᠭ᠌ ᠪᠠᠢ᠌ᠭᠰᠠᠨ

ᠡᠮᠵᠡᠭᠯᠡᠭᠦ ᠳᠤᠳᠤᠮ ᠦᠨᠦᠴᠢᠷᠠᠨ ᠭᠤᠳᠤᠷᠠᠳᠠᠭ ᠪᠠᠢ᠌ᠭᠰᠠᠨ ᠢ

ᠦᠷᠠᠴᠢᠯᠠᠨ ᠬᠠᠢ᠌ᠷᠠᠯᠠᠬᠤ ᠳᠤ ᠪᠠᠨ ᠣᠢ᠌ᠮᠤᠷᠠᠨ ᠰᠡᠷᠡᠭ᠍ᠰᠡᠨ ᠡ᠃

ᠦᠨᠦᠴᠢᠨ ᠵᠢᠷᠦᠭᠡ ᠴᠢᠨᠢ ᠡᠮᠵᠡᠭᠯᠡᠳᠡᠭ᠌ ᠢ

ᠦᠨᠡᠨ ᠤ ᠭᠠᠯᠪᠠ ᠡᠴᠡ ᠦᠨᠡᠮᠰᠢᠨ ᠮᠡᠳᠡᠷᠡᠭ᠍ᠰᠡᠨ

ᠦᠷᠦᠪᠴᠡᠭᠡᠨ ᠰᠡᠳᠭᠢᠯ ᠳᠤ ᠪᠠᠨ ᠳᠠᠨ ᠢ ᠪᠠᠨ

ᠦᠷ᠎ᠡ ᠶᠢᠨ ᠭᠠᠭᠴᠠ ᠭᠡᠦᠭᠡᠨ ᠶᠢᠡᠨ ᠡᠩᠭᠦᠷᠡᠢ᠌ᠯᠡᠳᠡᠭ᠌

ᠡᠭᠡ ᠶᠢᠨ ᠬᠠᠢ᠌ᠷ᠎ᠠ ᠪᠠᠷ ᠬᠠᠷᠠᠮᠯᠠᠨ

ᠥᠰᠭᠦ ᠨᠠᠰᠤᠨ ᠤ ᠭᠦᠭᠡᠷᠦᠭᠦᠨ ᠳᠠᠪᠢᠯᠠᠩ ᠳᠤ ᠴᠢᠨᠢ

ᠦᠨᠦᠴᠢᠷᠠᠯ ᠡᠴᠡ ᠴᠢᠨᠢ ᠰᠠᠯᠭᠠᠶ᠎ᠠ ᠰᠠᠨᠠᠭᠰᠠᠨ ᠳᠤ ᠪᠠᠨ

ᠰᠠᠨᠠᠭᠰᠠᠨ ᠢ ᠴᠢᠨᠢ ᠰᠠᠨᠠᠭᠠᠰᠢᠯᠭ᠎ᠠ ᠲᠡᠶ ᠪᠠᠷ ᠳᠡᠯᠭᠡᠯᠭᠡᠵᠤ

ᠰᠡᠳᠭᠢᠯ ᠢ ᠴᠢᠨᠢ ᠵᠤᠷᠢᠯᠭ᠎ᠠ ᠲᠡᠶ ᠪᠠᠷ ᠠᠭᠤᠳᠠᠯᠠᠭᠤᠯᠵᠤ

ᠰᠡᠵᠢᠭ᠌ ᠢ ᠴᠢᠨᠢ ᠭᠢᠨᠠᠭᠤᠷ ᠠᠯᠳᠠᠷᠭᠠᠨ

ᠰᠦᠰᠦ ᠵᠤᠷᠢᠭ ᠢ ᠴᠢᠨᠢ ᠭᠠᠷᠮᠠᠭᠠᠢ ᠡᠷᠡᠭᠦᠯᠵᠢᠭᠦᠯᠦᠶ᠎ᠡ︕ ᠵᠢᠯᠤᠭᠤᠳᠤᠯ᠎ᠠ︕

ᠰᠤᠷᠤᠭᠴᠢ ᠮᠢᠨᠢ ᠊᠊᠊᠊᠊᠊᠊᠊᠊᠊᠊᠊᠊᠊᠊

ᠴᠢᠮ᠎ᠠ ᠶᠢ ᠪᠠᠨ ᠪᠢ ᠬᠠᠢ᠌ᠷᠠᠯᠠᠵᠤ ᠶᠠᠪᠣᠯ᠎ᠠ︕


(200907 ᠣᠨ ᠳᠤ ᠳᠡᠭᠦᠰᠦᠭᠡᠳ ᠶᠠᠪᠣᠴᠢᠬᠠᠭᠰᠠᠨ ᠴᠢᠮ᠎ᠠ ᠪᠠᠨ ᠰᠠᠨᠠᠵᠤ ᠪᠢᠴᠢᠯ᠎ᠠ︕)


ᠵᠤᠬᠢᠶᠠᠭᠴᠢ ᠶᠢᠨ ᠬᠠ‍‌ᠶ‍ᠢᠭ ᠄ ᠬᠤᠤᠯᠢᠨ ᠭᠤᠤᠯ

ᠵᠤᠬᠢᠶᠠᠭᠴᠢ᠄ ᠰᠢᠵᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2656
ᠴᠠᠭ᠄ 2010 ᠤᠨ ᠤ 10 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ