ᠨᠡᠪᠲᠡᠷᠡᠨ ᠤᠷᠤᠬᠤ
ᠰᠠᠷᠠ ᠳᠦᠭᠡᠷᠢᠭ᠍ᠰᠡᠨ ᠦᠳᠡᠰᠢ

ᠰᠠᠷᠠ ᠭᠦᠷᠢᠶᠡᠯᠡᠪᠠᠯ ᠰᠠᠯᠭᠢ ᠰᠠᠯᠭᠢᠯᠠᠨ᠎ᠠ

ᠨᠠᠷᠠ ᠭᠦᠷᠢᠶᠡᠯᠡᠪᠠᠯ ᠪᠣᠷᠤᠭᠠᠨ ᠬᠤᠷ᠎ᠠ ᠣᠷᠤᠨ᠎ᠠ ᠭᠡᠵᠤ ᠥᠵᠡᠳᠡᠭ᠌

ᠳᠡᠭ᠍ᠳᠡᠭᠡᠢ ᠰᠠᠢ᠌ᠬᠠᠨ ᠣᠳᠤᠳ ᠶᠢᠡᠨ ᠳᠠᠭᠠᠭᠤᠯᠤᠭᠰᠠᠨ

ᠳᠡᠭ᠍ᠷᠢ ᠶᠢᠨ ᠰᠠᠷᠠ ᠳᠠᠷᠠ ᠳᠦᠭᠡᠷᠢᠴᠢᠭᠡᠵᠡᠢ

ᠳᠡᠷᠭᠡᠳᠡᠭᠦᠷ ᠨᠢ ᠪᠠᠢ᠌ᠭᠰᠠᠨ ᠡᠭᠦᠯᠡᠰ ᠬᠠᠷᠠᠮᠨᠠᠵᠤ

ᠳᠡᠭᠡᠰᠦᠯᠡᠵᠤ ᠳᠡᠭᠦᠨ ᠢ ᠭᠠᠭᠴᠠ ᠪᠦᠰᠡᠯᠡᠵᠡᠢ

ᠳᠡᠭ᠍ᠷᠢ ᠶᠢᠨ ᠬᠠᠪᠬᠠᠨ ᠳᠤ ᠳᠠᠷᠠ ᠣᠨᠠᠭᠠᠤᠨ

ᠳᠤᠪ ᠳᠤᠳᠤᠷᠬᠠᠢ ᠥᠵᠡᠭ᠍ᠳᠡᠵᠤ ᠪᠠᠢ᠌ᠨ᠎ᠠ

ᠳᠦᠭᠦᠷᠢᠭ᠌ ᠭᠦᠷᠢᠶ᠎ᠡ ᠳᠤᠳᠤᠷ᠎ᠠ ᠪᠠᠨ ᠳᠠᠷᠠ ᠭᠠᠭᠴᠠᠭᠠᠷ

ᠳᠦᠭᠡᠷᠢᠴᠢᠭᠡᠯ᠎ᠡ ᠭᠡᠵᠤ ᠰᠢᠪᠠᠨᠠᠵᠤ ᠪᠠᠢ᠌ᠨ᠎ᠠ

ᠳᠠᠢ᠌ᠪᠣᠩ ᠵᠢᠷᠤᠭᠴᠢᠨ ᠤ ᠠᠭᠤᠤ ᠪᠦᠳᠦᠭᠡᠯ

ᠳᠡᠩᠳᠡᠭᠦᠤ ᠨᠠᠮᠤᠭᠤᠬᠠᠨ ᠡᠪᠦᠯ ᠤᠨ ᠰᠦᠨᠢ

ᠳᠡᠯᠡᠭᠡᠢ ᠳᠤ ᠳᠦᠭᠡᠷᠢᠭ᠍ᠰᠡᠨ ᠳᠠᠷᠠ ᠰᠠᠷᠠ

ᠳᠡᠭ᠍ᠷᠢ ᠶᠢᠨ ᠳᠤᠪᠴᠢ ᠰᠢᠭ᠌ ᠳᠠᠠᠳᠠ ᠪᠠᠨ ᠬᠠᠳᠠᠭᠳᠠᠵᠠᠢ

ᠰᠠᠷᠠ ᠳᠦᠭᠡᠷᠢᠴᠢᠭᠡᠯ᠎ᠡ ᠭᠡᠳ ᠰᠠᠷᠠ ᠭᠠᠭᠴᠠᠭᠠᠷᠳᠠᠵᠤ ᠪᠠᠢ᠌ᠨ᠎ᠠ

ᠰᠠᠷᠠ ᠬᠠᠰᠢᠭᠳᠠᠴᠢᠬᠠᠯ᠎ᠠ ᠭᠡᠳ ᠭᠦᠮᠦᠰ ᠣᠢ᠌ᠤᠠᠬᠠᠷᠯᠠᠵᠤ ᠪᠠᠢ᠌ᠨ᠎ᠠ

ᠠᠷᠭᠠᠮᠵᠢᠶ᠎ᠠ ᠪᠠᠨ ᠳᠠᠭᠠᠭᠠᠵᠤ ᠳᠤᠭᠤᠷᠢᠭᠰᠠᠨ ᠨᠢᠭᠡᠨ ᠣᠨᠠᠭ᠎ᠠ

ᠠᠯᠤᠰ ᠤᠨ ᠭᠢᠵᠠᠭᠠᠷ ᠡᠴᠡ ᠳᠠᠷᠠ ᠣᠷᠤᠭᠤ ᠰᠢᠷᠳᠠᠵᠤ ᠪᠠᠢ᠌ᠨ᠎ᠠ

ᠰᠠᠷᠠ ᠳᠦᠭᠡᠷᠢᠭ᠍ᠰᠡᠨ ᠳᠠᠷᠠ ᠦᠳᠡᠰᠢ

ᠰᠠᠢ᠌ᠬᠠᠨ ᠪᠦᠭᠦᠨ ᠤ ᠭᠦᠰᠡᠯ ᠳᠤ ᠊ᠭ᠍‍ᠬᠢᠷ ᠨᠠᠮᠠᠵᠠᠢ

ᠭᠠᠢ᠌ᠬᠠᠯᠳᠠᠢ ᠭᠦᠷᠢᠶᠡᠯᠡᠭ᠍ᠳᠡᠭ᠍ᠰᠡᠨ ᠶᠢᠡᠷ ᠶᠢᠡᠨ ᠭᠦᠭᠡᠷᠦᠭᠦᠢ ᠰᠠᠷᠠ

ᠭᠠᠩᠳᠠᠭᠰᠠᠨ ᠭᠤᠪᠢ ᠶᠢᠨ ᠭᠠᠢ ᠨᠢ ᠪᠣᠯᠤᠨ ᠥᠵᠡᠭ᠍ᠳᠡᠵᠡᠢ

ᠵᠤᠬᠢᠶᠠᠭᠴᠢ᠄ ᠴᠡᠯᠡᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2656
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ