ᠨᠡᠪᠲᠡᠷᠡᠨ ᠤᠷᠤᠬᠤ
ᠳᠤᠭᠤᠰᠤᠳᠤ ᠬᠤᠷᠸ᠎ᠠ ᠳᠤ ᠢᠷᠡᠭ᠍ᠰᠡᠨ ᠤ ᠣᠴᠢᠷ ᠶᠠᠭᠤ ᠪᠣᠢ

ᠳᠤᠷᠮᠣᠢ᠌ᠬᠤ ᠣᠳᠤᠳ ᠤᠨ ᠴᠢᠯᠦᠭᠡᠨ ᠳᠤ

ᠳᠤᠯᠭ᠎ᠠ ᠨᠠᠷᠠᠨ ᠤ ᠢᠯᠴᠢᠨ ᠳᠤ

ᠳᠤᠯᠢ ᠰᠠᠷᠠᠨ ᠤ ᠳᠤᠶᠠᠭᠠᠨ ᠳᠤ

ᠳᠤᠤᠯᠢ ᠠᠪᠣ ᠶᠢᠨ ᠬᠠᠵᠠᠭᠤ ᠳᠤ

ᠦᠯᠢᠭᠡᠷ ᠡᠵᠢ ᠶᠢᠨ ᠡᠪᠦᠷ ᠲᠤ

ᠥᠩᠭᠡᠷᠡᠭ᠍ᠰᠡᠨ ᠳᠡᠦᠭᠡ ᠶᠢ ᠵᠠᠯᠭᠠᠵᠤ

ᠳᠤᠭᠤᠰᠤᠳᠤ ᠬᠤᠷᠸ᠎ᠠ ᠳᠤ ᠢᠷᠡᠭ᠍ᠰᠡᠨ ᠤ ᠣᠴᠢᠷ ᠶᠠᠭᠤ ᠪᠣᠢ


ᠣᠨᠠᠭᠰᠠᠨ ᠨᠤᠳᠤᠭ ᠤᠨ ᠰᠢᠷᠤᠢ ᠦᠯᠦᠭᠡᠢ

ᠣᠭᠤᠷᠠᠭ ᠰᠦ᠋ ᠶᠢᠨ ᠢᠪᠠᠭᠡᠯ ᠰᠢᠳᠢ

ᠣᠤᠭᠤᠭᠰᠠᠨ ᠳᠤᠩᠭ᠋ᠠᠯᠠᠭ ᠣᠰᠤ ᠷᠠᠰᠢᠶᠠᠨ

ᠳᠤᠭᠯᠠᠭᠰᠠᠨ ᠨᠠᠰᠤᠨ ᠤ ᠭᠦᠰᠡᠯ ᠵᠢᠭᠦᠷ

ᠳᠠᠭᠤᠯᠠᠭᠰᠠᠨ ᠠᠷᠠᠤᠨ ᠤᠨ ᠳᠠᠭᠤᠤ ᠰᠡᠳᠭᠢᠯ

ᠳᠤᠮᠤᠭ ᠶᠠᠷᠢᠭᠰᠠᠨ ᠡᠪᠦᠭᠡᠳ ᠨᠢ ᠪᠣᠷᠬᠠᠨ

ᠳᠤᠭᠤᠰᠤᠳᠤ ᠬᠤᠷᠸ᠎ᠠ ᠳᠤ ᠢᠷᠡᠭ᠍ᠰᠡᠨ ᠤ ᠣᠴᠢᠷ ᠶᠠᠭᠤ ᠪᠣᠢ


ᠳᠤᠭᠤᠵᠤ ᠬᠠᠢ᠌ᠷᠠᠯᠠᠭᠰᠠᠨ ᠭᠡᠦᠭᠡᠨ ᠳᠤᠷᠠᠯᠠᠯ

ᠳᠤᠷᠭᠤᠨ ᠵᠠᠶᠠᠭᠠᠨ ᠤ ᠰᠠᠯᠤᠯ ᠭᠤᠨᠢᠭ

ᠵᠤᠷᠢᠮᠠᠭ ᠭᠢᠭ᠍ᠰᠡᠨ ᠣᠴᠢᠷ ᠭᠡᠨᠡᠨ

ᠵᠤᠷᠢᠵᠤ ᠶᠠᠪᠣᠭᠰᠠᠨ ᠣᠢ᠌ᠯᠠᠰ ᠰᠢᠠᠳᠠᠰᠤ

ᠵᠦᠷᠢᠵᠤ ᠥᠩᠭᠡᠷᠡᠭ᠍ᠰᠡᠨ ᠲᠤᠬᠢᠶᠠᠯ ᠬᠠᠷᠠᠮᠰᠠᠯ

ᠵᠦᠳᠡᠵᠦ ᠪᠦᠳᠦᠭᠡᠭ᠍ᠰᠡᠨ ᠣᠢ᠌ᠯᠠ ᠵᠢᠷᠭᠠᠯ

ᠳᠤᠭᠤᠰᠤᠳᠤ ᠬᠤᠷᠸ᠎ᠠ ᠳᠤ ᠢᠷᠡᠭ᠍ᠰᠡᠨ ᠤ ᠣᠴᠢᠷ ᠶᠠᠭᠤ ᠪᠣᠢ


ᠬᠤᠷᠸ᠎ᠠ ᠳᠤ ᠣᠯᠤᠭᠰᠠᠨ ᠠᠮᠢᠳᠤᠷᠠᠯ ᠠᠮᠳᠠ

ᠬᠤᠨᠤᠭ ᠤᠨ ᠪᠣᠷᠤ ᠱᠤᠭᠰᠢᠭ᠎ᠠ ᠰᠤᠷᠭᠠᠯ

ᠬᠤᠴᠤᠷᠤᠭᠰᠠᠨ ᠬᠠᠢ᠌ᠷ᠎ᠠ ᠶᠢᠨ ᠨᠡᠭᠡᠯ ᠦᠷᠢ

ᠬᠤᠯᠠ ᠶᠢᠨ ᠳᠤᠷᠠᠰᠤᠯ ᠰᠡᠳᠭᠢᠯ ᠤᠨ ᠳᠤᠳᠠᠭᠤ

ᠣᠷᠤᠨ ᠭᠡᠷ ᠶᠢᠡᠨ ᠪᠢ ᠨᠥᠭᠦᠵᠤ

ᠣᠷᠴᠢᠯᠠᠩ ᠤᠨ ᠳᠤᠳᠠᠭᠤ ᠶᠢ ᠬᠡᠦᠬᠡᠳ ᠶᠢᠡᠷ ᠨᠥᠭᠦᠵᠤ

ᠳᠤᠭᠤᠰᠤᠳᠤ ᠬᠤᠷᠸ᠎ᠠ ᠳᠤ ᠢᠷᠡᠭ᠍ᠰᠡᠨ ᠤ ᠣᠴᠢᠷ ᠶᠠᠭᠤ ᠪᠣᠢ


ᠳᠤᠭᠤᠯᠤᠭᠰᠠᠨ ᠡᠯᠡᠭᠡᠭ᠍ᠰᠡᠨ ᠪᠦᠭᠦᠨ ᠨᠤᠮ

ᠳᠤᠳᠠᠭᠰᠠᠨ ᠢᠯᠡᠭᠦᠳᠡᠭ᠍ᠰᠡᠨ ᠪᠦᠭᠦᠨ ᠳᠤᠩ

ᠢᠷᠠᠵᠤ ᠪᠣᠴᠠᠬᠤ ᠶᠢᠨ ᠵᠠᠢ ᠨᠠᠷ᠎ᠠ

ᠢᠨᠢᠶᠠᠵᠤ ᠣᠭᠢᠯᠠᠬᠤ ᠶᠢᠨ ᠳᠠᠪᠢᠯᠠᠩ ᠦᠨᠡᠨ

ᠣᠯᠤᠭᠰᠠᠨ ᠠᠯᠳᠠᠭᠰᠠᠨ ᠶᠢᠡᠨ ᠣᠴᠢᠷᠯᠠᠵᠤ

ᠣᠬᠠᠭᠠᠨ ᠤ ᠳᠤᠳᠠᠭᠤ ᠶᠢ ᠨᠥᠭᠦᠵᠤ

ᠳᠤᠭᠤᠰᠤᠳᠤ ᠬᠤᠷᠸ᠎ᠠ ᠳᠤ ᠢᠷᠡᠭ᠍ᠰᠡᠨ ᠤ ᠣᠴᠢᠷ ᠶᠠᠭᠤ ᠪᠣᠢ


ᠵᠤᠬᠢᠶᠠᠭᠴᠢ ᠶᠢᠨ ᠬᠠᠶ‍ᠢᠭ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ