☆ ᠭᠦᠷᠵᠡᠪ
ᠨᠤᠳᠤᠭ ᠤᠨ ᠮᠢᠨᠢ ᠨᠠᠭᠤᠷ
ᠨᠤᠳᠤᠭ ᠤᠨ ᠮᠢᠨᠢ ᠨᠠᠭᠤᠷ
ᠬᠤᠷ᠎ᠠ᠂ ᠴᠢᠭᠢᠭ᠌ ᠢ ᠰᠡᠩᠭᠢᠨᠡᠭᠦᠯᠵᠤ
ᠬᠤᠨ᠂ ᠠᠩᠭᠢᠷ ᠢ ᠱᠤᠮᠪᠠᠭᠤᠯᠤᠭᠰᠠᠨ
ᠬᠤᠯᠤᠰᠤ᠂ ᠵᠡᠭᠡᠰᠤ ᠶᠢ ᠨᠠᠢ᠌ᠭᠠᠭᠤᠯᠵᠤ
ᠬᠤᠷᠠᠭ᠎ᠠ᠂ ᠳᠤᠭᠤᠯ ᠢ ᠳᠡᠵᠢᠭᠡᠯᠰᠢᠭᠦᠯᠦᠭ᠍ᠰᠡᠨ
ᠨᠤᠳᠤᠭ ᠤᠨ ᠮᠢᠨᠢ ᠨᠠᠭᠤᠷ
ᠨᠤᠭᠤᠨ ᠨᠠᠳᠠ ᠳᠠᠭᠠᠨ ᠰᠠᠢ᠌ᠬᠠᠨ᠃
ᠪᠣᠷᠳᠠᠭ ᠊ᠭ᠍ᠬᠢᠷ ᠢ ᠮᠢᠨᠢ ᠠᠷᠢᠯᠭᠠᠵᠤ
ᠪᠣᠳᠤᠯ ᠰᠡᠳᠭᠢᠯ ᠢ ᠮᠢᠨᠢ ᠰᠠᠷᠠᠭᠤᠯᠵᠢᠭᠤᠯᠤᠭᠰᠠᠨ
ᠪᠣᠯᠴᠢᠩ ᠰᠢᠷᠪᠣᠰᠤ ᠶᠢ ᠮᠢᠨᠢ ᠵᠠᠩᠭᠢᠷᠠᠭᠤᠯᠵᠤ
ᠪᠣᠷᠤ ᠴᠤᠭᠴᠠ ᠶᠢ ᠮᠢᠨᠢ ᠴᠢᠭᠢᠷᠠᠭᠵᠢᠭᠤᠯᠤᠭᠰᠠᠨ
ᠨᠤᠳᠤᠭ ᠤᠨ ᠮᠢᠨᠢ ᠨᠠᠭᠤᠷ
ᠨᠤᠭᠤᠨ ᠨᠠᠳᠠ ᠳᠠᠭᠠᠨ ᠷᠠᠰᠢᠶᠠᠨ᠃
ᠳᠠᠭᠤᠳᠤ ᠨᠠᠭᠤᠷ
ᠳᠤᠯᠢ ᠰᠢᠭ ᠳᠤᠩᠭ᠋ᠠᠯᠠᠭ ᠣᠰᠤᠨ ᠳ᠋ᠠᠭᠠᠨ
ᠳᠤᠷᠭᠠᠨ ᠵᠢᠭᠦᠷᠳᠡᠳ ᠢ ᠳᠡᠪᠳᠡᠷᠡᠭᠦᠯᠵᠤ
ᠳᠤᠷᠭ᠎ᠠ ᠰᠢᠭ ᠵᠥᠭᠡᠯᠡᠨ ᠵᠥᠯᠭᠡᠨ ᠳ᠋ᠡᠭᠡᠨ
ᠳᠤᠭᠤᠯ ᠬᠤᠷᠠᠭᠠᠤᠨ ᠢ ᠳᠤᠭᠯᠠᠯᠳᠤᠭᠤᠯᠤᠭᠰᠠᠨ
ᠡᠭᠡᠰᠢᠭ᠌ ᠢᠷᠠᠭᠤᠬᠠᠨ ᠳᠠᠭᠤᠳᠤ ᠨᠠᠭᠤᠷ ᠮᠢᠨᠢ
ᠡᠭᠡ ᠶᠢᠨ ᠰᠦ᠋ ᠶᠢᠨ ᠰᠢᠮ᠎ᠠ ᠲᠡᠶ᠃
ᠴᠡᠴᠡᠭ᠌ ᠰᠢᠭ᠌ ᠴᠡᠩᠭᠡᠷ ᠳᠠᠠᠵᠢᠨ ᠳ᠋ᠡᠭᠡᠨ
ᠴᠠᠭᠠᠨ ᠭᠡᠷ ᠤᠳ ᠢ ᠪᠦᠮᠪᠦᠯᠵᠡᠭᠦᠯᠵᠤ
ᠴᠡᠷᠢᠭ᠌ ᠰᠢᠭ᠌ ᠵᠢᠭ᠍ᠳᠡ ᠬᠤᠯᠤᠰᠤᠨ ᠳ᠋ᠠᠭᠠᠨ
ᠴᠠᠭ ᠤᠨ ᠰᠢᠪᠠᠭᠤᠳ ᠢ ᠬᠤᠷᠭᠤᠳᠠᠭᠤᠯᠤᠭᠰᠠᠨ
ᠡᠭᠡᠰᠢᠭ᠌ ᠢᠷᠠᠭᠤᠬᠠᠨ ᠳᠠᠭᠤᠳᠤ ᠨᠠᠭᠤᠷ ᠮᠢᠨᠢ
ᠡᠭᠡ ᠶᠢᠨ ᠰᠡᠳᠭᠢᠯ ᠤᠨ ᠡᠨᠡᠷᠢᠯ ᠲᠡᠶ᠃
ᠵᠤᠬᠢᠶᠠᠭᠴᠢ ᠶᠢᠨ 《ᠨᠠᠷᠠ ᠲᠡᠶ ᠭᠠᠠᠵᠷ ᠨᠠᠭᠠᠳᠬᠤ ᠰᠠᠢ᠌ᠬᠠᠨ》 (1992 ᠣᠨ)ᠭᠡᠭᠦ ᠬᠡᠦᠬᠡᠳ ᠤᠨ ᠰᠢᠯᠦᠭ᠌ ᠤᠨ ᠳᠡᠭᠦᠪᠦᠷᠢ ᠡᠴᠡ ᠠᠪᠣᠪᠠ᠃
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2663
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ