☆ ᠰᠤ ᠠᠨᠢᠰᠤ
ᠨᠠᠳᠠ ᠳᠤ ᠪᠣᠤ ᠭᠤᠮᠤᠳᠠ
ᠨᠠᠷᠠᠳᠤ ᠳᠤ ᠭᠦᠮᠤᠨ ᠤ ᠬᠠᠢ᠌ᠷ᠎ᠠ ᠪᠠᠷ ᠮᠥᠩᠭᠡᠷᠡᠭᠦ ᠭᠡᠵᠤ
ᠨᠠᠮᠠᠭ᠎ᠠ ᠪᠠᠨ ᠬᠤᠭᠤᠯᠬᠤ ᠡᠴᠡ ᠰᠠᠯᠭᠢᠨ ᠭᠦᠷᠳᠡᠯ᠎ᠡ ᠵᠠᠢ᠌ᠯᠠᠵᠤ ᠶᠠᠪᠣᠳᠠᠭ
ᠨᠠᠳᠠ ᠳᠤ ᠪᠣᠤ ᠭᠤᠮᠤᠳᠠ
ᠬᠠᠷᠴᠠᠨ ᠳᠤ ᠴᠢᠨᠢ ᠳᠤᠨᠤᠷᠠᠬᠤ ᠰᠡᠳᠭᠢᠯ ᠤᠨ ᠴᠢᠨᠢ ᠦᠴᠢᠯ ᠢ
ᠬᠠᠯᠠᠭᠤᠨ ᠨᠢᠯᠪᠣᠰᠤᠨ ᠳᠠᠭᠠᠨ ᠪᠦᠪᠠᠢ᠌ᠯᠠᠨ ᠣᠮᠳᠠᠯᠠᠬᠤ ᠭᠡᠵᠤ
ᠬᠠᠷᠠᠩᠭ᠋ᠤᠢ ᠰᠦᠨᠢ ᠪᠠᠷ ᠭᠡᠷ ᠶᠢᠡᠨ ᠮᠠᠷᠳᠠᠵᠤ
ᠬᠠᠷ᠎ᠠ ᠣᠰᠤᠨ ᠳᠤ ᠮᠠᠳᠠᠷᠠᠯ ᠶᠢᠡᠨ ᠭᠦᠷᠳᠡᠯ᠎ᠡ ᠠᠯᠠᠵᠤ ᠶᠠᠪᠣᠭᠰᠠᠨ
ᠨᠠᠳᠠ ᠳᠤ ᠪᠣᠤ ᠭᠤᠮᠤᠳᠠ
ᠦᠪᠡᠷ ᠤᠨ ᠠᠪᠣ ᠳᠠᠭᠠᠨ ᠨᠢᠭᠡ ᠭᠤᠳᠤᠯᠢ ᠳᠠᠮᠠᠭᠢ ᠨᠤᠴᠤᠭᠠᠵᠤ ᠴᠢᠳᠠᠯ ᠥᠭᠡᠢ
ᠦᠷᠦᠰᠢᠶᠠᠯᠳᠤ ᠡᠵᠢ ᠳᠡᠭᠡᠨ ᠨᠢᠭᠡ ᠬᠠᠢ᠌ᠷᠴᠠᠭ ᠴᠠᠢ ᠥᠭ᠍ᠴᠤ ᠴᠢᠳᠠᠯ ᠥᠭᠡᠢ
ᠦᠪᠡᠷ ᠢ ᠭᠢ ᠴᠢᠨᠢ ᠰᠡᠳᠭᠢᠯ ᠡᠪᠠᠦᠡᠭᠦ ᠡᠴᠡ ᠠᠶᠤᠬᠤ ᠳ᠋ᠠᠭᠠᠨ
ᠦᠷ᠎ᠡ ᠭᠦᠮᠤᠨ ᠤ ᠪᠠᠳᠤ ᠵᠢᠷᠤᠮ ᠢ ᠬᠠᠶᠠ ᠬᠠᠶᠠ ᠠᠷᠭ᠎ᠠ ᠦᠭᠡᠶ ᠨᠤᠬᠤᠯᠵᠤ ᠶᠠᠪᠣᠭᠰᠠᠨ
ᠨᠠᠳᠠ ᠳᠤ ᠪᠣᠤ ᠭᠤᠮᠤᠳᠠ
ᠠᠮᠢᠳᠤᠷᠠᠯ ᠬᠠᠳᠠᠭᠤᠬᠠᠨ ᠪᠠᠢ᠌ᠳᠠᠯ᠎ᠠ
ᠠᠵᠢᠯ ᠭᠡᠴᠡᠭᠦᠭᠡᠨ ᠪᠠᠢ᠌ᠳᠠᠯ᠎ᠠ
ᠠᠷᠢᠭᠤᠨ ᠬᠠᠢ᠌ᠷ᠎ᠠ ᠪᠠᠨ ᠭᠡᠨ ᠳᠤ ᠨᠢ ᠴᠤ ᠥᠭ᠍ᠴᠤ ᠴᠢᠳᠠᠯ ᠥᠭᠡᠢ
ᠠᠭᠢᠭᠠᠤᠨ ᠨᠠᠳᠠ ᠣᠷᠤᠭᠤ
《ᠠᠯᠳᠠ》 ᠪᠠᠨ ᠬᠤᠪᠢᠶᠠᠬᠤ ᠭᠡᠵᠤ
《ᠠᠯᠪᠠᠨ ᠪᠢᠴᠢᠭ᠌》 ᠲᠤ ᠨᠠᠷᠠ ᠵᠢ
ᠠᠯᠪᠠ ᠪᠠᠷ ᠪᠢᠴᠢᠭᠦᠯᠦᠭ᠍ᠰᠡᠨ
ᠠᠷᠭ᠎ᠠ ᠦᠭᠡᠶ ᠪᠦᠰᠡᠭᠦᠢ ᠭᠦᠮᠤᠨ ᠴᠢ
ᠨᠠᠳᠠ ᠳᠤ ᠪᠣᠤ ᠭᠤᠮᠤᠳᠠ
ᠠᠯᠠᠭ ᠦᠷ᠎ᠡ ᠳᠡᠭᠡᠨ ᠠᠮᠢᠨ ᠬᠠᠢ᠌ᠷ᠎ᠠ ᠳᠠᠢ
ᠠᠪᠣ ᠶᠢᠨ ᠣᠳᠤᠮ ᠶᠢᠡᠷ ᠳᠤᠲ᠋ᠸᠮ ᠵᠠᠯᠭᠠᠬᠤ ᠭᠡᠵᠤ
ᠠᠯᠤᠰ ᠤᠨ ᠳᠡᠷᠳᠡᠭᠡ ᠰᠠᠨᠠᠵᠤ ᠰᠠᠭᠤᠬᠤ ᠳ᠋ᠠᠭᠠᠨ
ᠠᠷᠢᠭᠢᠨ ᠤ ᠦᠨᠦᠷ ᠲᠤ ᠰᠢᠨᠤᠭᠠ ᠥᠭᠡᠢ
ᠠᠯᠢᠪᠠ ᠪᠦᠭᠦᠨ ᠳᠤ ᠠᠭᠤᠴᠢᠯᠠᠯ ᠭᠤᠶᠤᠳᠠᠭ
ᠠᠮᠠᠷᠠᠭ ᠬᠤᠩᠭ᠋ᠤᠷ ᠲᠠᠭᠠᠨ ᠦᠨᠡᠠᠴᠢ ᠨᠢᠭᠡ ᠬᠠᠢ᠌ᠷᠠᠯᠠᠳᠠᠭ
ᠠᠶ᠎ᠠ ᠨᠠᠳᠠ ᠳᠤ ᠪᠣᠤ ᠭᠤᠮᠤᠳᠠ
ᠠᠭᠢᠭᠠᠤᠨ ᠪᠣᠤ ᠭᠤᠮᠤᠳᠠ
ᠨᠠᠷᠠᠳᠤ ᠳᠤ ᠭᠦᠮᠤᠨ ᠤ ᠬᠠᠢ᠌ᠷ᠎ᠠ ᠪᠠᠷ ᠮᠥᠩᠭᠡᠷᠡᠭᠦ ᠭᠡᠵᠤ
ᠨᠠᠮᠠᠭ᠎ᠠ ᠪᠠᠨ ᠬᠤᠭᠤᠯᠬᠤ ᠡᠴᠡ ᠰᠠᠯᠭᠢᠨ ᠭᠦᠷᠳᠡᠯ᠎ᠡ ᠵᠠᠢ᠌ᠯᠠᠵᠤ ᠶᠠᠪᠣᠳᠠᠭ
ᠨᠠᠳᠠ ᠳᠤ ᠪᠣᠤ ᠭᠤᠮᠤᠳᠠ
ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2715
ᠴᠠᠭ᠄ 2009 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ