☆ ᠬᠠᠨ ᠭᠡᠨᠳᠡᠢ
ᠭᠦᠭᠡ ᠰᠦᠮ᠎ᠡ ᠶᠢᠨ ᠭᠤᠨᠢᠷᠬᠠᠯ
ᠵᠢᠷᠭᠤᠭᠠᠨ ᠰᠠᠷ᠎ᠠ ᠶᠢᠨ ᠢᠷᠦᠭᠡᠯ ᠤᠨ ᠬᠤᠷᠠᠯ
ᠴᠠᠭ ᠲᠠᠭᠠᠨ ᠡᠭᠢᠯᠡᠵᠡᠢ᠃
ᠵᠠᠭᠤᠨ ᠵᠥᠭ᠌ ᠤᠨ ᠰᠥᠰᠦᠭ᠍ᠳᠡᠨ ᠮᠦᠷᠭᠦᠯᠳᠡᠨ
ᠪᠣᠯᠵᠤᠭᠰᠠᠨ ᠦᠭᠡᠶ ᠴᠤᠭᠯᠠᠵᠠᠢ᠃
ᠭᠤᠷᠪᠠᠨ ᠳᠦᠷᠤ ᠶᠢᠨ ᠳᠠᠭᠢᠯ ᠳᠠᠪᠢᠯᠭ᠎ᠠ ᠶᠢ
ᠭᠦᠷᠳᠡᠭ᠍ᠰᠡᠭᠡᠷ ᠢᠷᠡᠭ᠍ᠰᠡᠨ
ᠭᠤᠷᠪᠠᠨ ᠵᠠᠭᠤᠨ ᠨᠠᠰᠤᠳᠠᠢ ᠪᠣᠭᠤᠷᠤᠯ ᠰᠦᠮ᠎ᠡ
ᠯᠠᠷᠵᠢᠶᠠᠳᠠᠢ ᠰᠡᠭᠦᠢᠨᠡᠮ᠃
ᠵᠠᠵᠢᠨ ᠦᠰᠦ ᠨᠢ ᠪᠦᠷ ᠴᠠᠢ᠌ᠭᠰᠠᠨ
ᠬᠤᠶᠠᠷ ᠨᠠᠰᠤᠳᠠᠨ
ᠵᠢᠷᠠ ᠡᠴᠡ ᠬᠤᠯᠠ ᠴᠠᠭᠠᠭᠤᠷ ᠠᠮᠢᠳᠤᠷᠠᠵᠤ ᠶᠠᠪᠣᠭᠰᠠᠨ
ᠠᠮᠢᠳᠤ ᠳᠡᠦᠭᠡᠴᠢᠨ
ᠰᠦᠮ᠎ᠡ ᠶᠢᠨ ᠡᠮᠦᠨᠡᠭᠢ ᠭᠦᠭᠡ ᠴᠢᠯᠠᠭᠤᠨ
ᠶᠠᠠᠳᠠᠷ ᠲᠤ ᠰᠠᠭᠤᠭᠠᠤᠨ
ᠰᠡᠭᠦᠷᠡᠰᠦᠯᠡᠵᠤ ᠪᠠᠢ᠌ᠭᠠᠤᠨ ᠢᠩᠭᠢᠵᠤ
ᠶᠠᠷᠢᠬᠤ ᠶᠢ ᠨᠢ ᠪᠢ ᠰᠤᠨᠤᠰᠤᠯ᠎ᠠ ᠁
ᠴᠢᠩ ᠤᠨ ᠦᠶ᠎ᠡ ᠳᠤ ᠡ᠊ᠨᠳᠡ ᠴᠢᠨᠢ ᠶᠠᠷᠤ
ᠴᠠᠪ ᠴᠡᠪᠠᠷᠭᠡᠨ ᠭᠠᠵᠠᠷ ᠪᠠᠢ᠌ᠵᠤ ᠭᠡᠨ᠎ᠡ
ᠢᠷᠭᠡᠨ ᠣᠯᠤᠰ ᠤᠨ ᠦᠶ᠎ᠡ ᠳᠤ ᠴᠤ ᠭᠡᠳ
ᠢᠳᠡᠭᠡᠯ ᠰᠥᠰᠦᠭ᠌ ᠤᠨ ᠣᠷᠤᠨ ᠭᠡᠨ᠎ᠡ
ᠰᠦᠮ᠎ᠡ ᠶᠢᠨ ᠭᠤᠷᠢᠶ᠎ᠠ ᠳᠤ ᠨᠢᠯᠪᠣᠵᠤ ᠴᠤ ᠪᠣᠯᠬᠤ ᠦᠭᠡᠶ
ᠰᠦᠷᠡᠭᠡᠢ ᠬᠤᠷᠢᠭ᠎ᠠ ᠲᠡᠶ ᠣᠷᠤᠨ ᠪᠠᠢ᠌ᠵᠠᠢ ᠭᠡᠨ᠎ᠡ᠂
ᠰᠥᠰᠦᠭ᠌ ᠶᠢᠡᠨ ᠭᠦᠢᠴᠡᠭᠡᠭᠦ ᠪᠠᠷ ᠢᠷᠡᠭ᠍ᠰᠡᠨ ᠮᠦᠷᠭᠦᠯᠴᠢᠳ
ᠰᠥᠭᠦᠳᠴᠤ ᠪᠠᠢ᠌ᠭᠠᠤᠨ ᠴᠡᠪᠠᠷᠯᠡᠳᠡᠭ᠌ ᠪᠠᠢ᠌ᠵᠤ ᠭᠡᠨ᠎ᠡ
ᠣᠷᠢᠳᠤ ᠣᠷᠢᠳᠤ ᠳᠠᠭᠠᠨ ᠰᠦᠮ᠎ᠡ ᠭᠡᠢ᠌ᠤᠨ ᠴᠢᠨᠢ
ᠣᠰᠤ ᠳᠤᠰᠤᠨ ᠳᠠᠭᠢᠯ ᠲᠡᠶ ᠶᠤᠮᠰᠠᠨ
ᠣᠳᠤ ᠬᠠᠷᠢᠨ ᠰᠦᠮ᠎ᠡ ᠭᠤᠷᠢᠶ᠎ᠠ
ᠬᠤᠭ ᠨᠤᠪᠰᠢᠨ ᠡᠷᠭᠦᠯ ᠲᠡᠶ ᠪᠣᠯᠵᠠᠢ᠃
ᠡᠷᠳᠡ ᠳᠡᠭᠡᠳᠤ ᠳᠡᠭᠡᠨ ᠡᠨᠡ ᠭᠠᠵᠠᠷ
ᠠᠷᠴᠠ ᠭᠦᠵᠢ ᠠᠩᠭᠢᠯᠤᠳᠠᠭ ᠪᠠᠢ᠌ᠯ᠎ᠠ
ᠡᠨᠡ ᠣᠳᠤ ᠶᠢᠨ ᠪᠣᠯᠪᠠᠰᠤᠨ ᠴᠠᠭ ᠲᠤ ᠬᠠᠷᠢᠨ
ᠰᠢᠩᠭᠡᠭ᠌ ᠰᠢᠵᠢᠩ ᠥᠨᠦᠷᠳᠦᠭᠦ ᠪᠣᠯᠵᠠᠢ ᠁
ᠰᠡᠭᠦᠷᠡᠰᠦᠯᠡᠵᠤ ᠭᠡᠯᠡᠭᠡᠳ ᠵᠢᠭᠠᠭᠰᠠᠨ ᠵᠥᠭ᠌ ᠲᠤ
ᠰᠤᠨᠢᠭᠤᠴᠢ ᠪᠢ ᠴᠤ ᠰᠢᠷᠪᠠᠵᠤ ᠠᠮᠵᠢᠯ᠎ᠠ
ᠰᠦᠮ᠎ᠡ ᠡᠴᠡ ᠵᠡᠭᠦᠡᠳᠡᠢ ᠵᠢᠷᠠᠭᠠᠤᠨ ᠠᠯᠬᠤᠮ ᠳᠤ
ᠬᠤᠭ ᠨᠤᠪᠰᠢ ᠴᠢᠯᠦᠭᠡᠳᠡᠢ ᠭᠦᠭᠯᠡᠷᠡᠨᠡ
ᠰᠤᠨ ᠭᠤᠷᠭᠤᠤᠯ ᠰᠢᠭ᠌ ᠰᠤᠭᠳᠠᠢ᠌ᠭᠰᠠᠨ ᠪᠦᠰᠡᠭᠦᠢ
ᠰᠢᠠᠳᠠᠢ᠌ᠭᠰᠠᠨ ᠬᠠᠮᠠᠷ ᠶᠢᠡᠨ ᠠᠯᠠᠭ᠎ᠠ ᠪᠠᠷ ᠶᠢᠡᠨ ᠳᠠᠭᠯᠠᠨ᠎ᠠ ᠁
ᠪᠣᠯᠪᠠᠰᠤᠨ ᠰᠠᠢ᠌ᠬᠠᠨ ᠡᠨᠡ ᠨᠡᠢ᠌ᠭᠡᠮ ᠳᠤ
ᠪᠣᠵᠠᠷ ᠨᠤᠪᠰᠢ ᠬᠠᠮᠢᠭ᠎ᠠ ᠴᠤ ᠭᠦᠭᠯᠡᠷᠡᠴᠢᠳᠡᠭ᠌
ᠪᠣᠷᠬᠠᠨ ᠤ ᠨᠤᠮᠯᠠᠯ ᠴᠤ ᠵᠠᠰᠠᠵᠤ ᠳᠡᠢ᠌ᠯᠭᠦ ᠦᠭᠡᠶ
ᠪᠣᠯᠭᠢ ᠳᠤᠤᠷᠠᠳᠤ ᠶᠢᠨ ᠲᠤᠢ᠌ᠯ ᠪᠣᠯᠴᠢᠪᠠᠤ ︖
ᠬᠤᠨᠤᠭ ᠪᠦᠷᠢ ᠪᠣᠷᠬᠠᠨ ᠳᠤ ᠵᠠᠯᠪᠠᠷᠢᠭᠠᠤᠨ
ᠬᠣᠢ᠌ᠳᠤ ᠳᠦᠷᠤᠯ ᠭᠡᠵᠤ ᠭᠦᠰᠡᠭᠦ ᠶᠢᠨ ᠣᠷᠤᠨ ᠳᠤ
ᠬᠤᠭ ᠨᠤᠪᠰᠢ ᠪᠠᠨ ᠬᠤᠮᠢᠵᠤ ᠬᠠᠰᠢᠴᠢᠬᠠᠪᠠᠯ
ᠡᠨᠡ ᠦᠶ᠎ᠡ ᠳᠡᠭᠡᠨ ᠪᠣᠶᠠᠨ ᠴᠤ ᠪᠢᠯᠢᠤ ︖
ᠵᠤᠬᠢᠶᠠᠭᠴᠢ ᠶᠢᠨ ᠬᠠᠶᠢᠭ ᠄ ᠪᠠᠭᠠᠷᠢᠨ
ᠵᠤᠬᠢᠶᠠᠭᠴᠢ᠄ ᠬᠠᠨ ᠭᠡᠨᠳᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2011 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ