☆ ᠮᠦᠰᠤᠠᠲ᠋ᠠᠭᠢᠨᠢ
ᠵᠠᠮᠤᠬ᠎ᠠ
᠊᠊᠊᠊᠊᠊᠊᠊᠊᠊᠊᠊᠊᠊᠊ ᠨᠠᠢ᠌ᠮᠠᠨ ᠵᠠᠭᠤᠨ ᠶᠢᠡᠷ ᠣᠩᠰᠢᠭᠳᠠᠭᠰᠠᠨ
ᠠᠠᠳᠠ ᠶᠢᠨ ᠳᠠᠩᠭ᠋ᠠᠷᠢᠭ ᠥᠴᠦᠭᠡᠳᠦᠷ ᠪᠢᠴᠢᠭ᠍ᠳᠡᠵᠤ
ᠨᠥᠭᠦᠷᠯᠡᠯ ᠤᠨ ᠵᠠᠢ ᠨᠥᠭᠦᠭ᠍ᠰᠡᠨ
ᠠᠮᠢ ᠨᠠᠰᠤᠨ ᠤ ᠡᠮᠵᠡᠭᠯᠡᠯ ᠦᠨᠦᠳᠤᠷ ᠮᠠᠷᠳᠠᠭᠳᠠᠨᠠ
ᠳᠠᠮᠤᠵᠢᠨ ᠤ ᠳᠡᠷᠭᠡᠳᠡ ᠣᠴᠢᠷ ᠲᠡᠶ ᠳᠡᠯᠪᠠᠷᠡᠭ᠍ᠰᠡᠨ
ᠳᠠᠷᠢ ᠪᠣᠯ ᠵᠠᠮᠤᠬ᠎ᠠ
ᠳᠡᠭ᠍ᠷᠢ ᠶᠢᠨ ᠣᠷᠴᠢᠯ ᠳᠤ ᠪᠣᠷᠤᠭᠤ ᠵᠥᠭᠯᠡᠭ᠍ᠰᠡᠨ
ᠳᠡᠷᠭᠡ ᠪᠣᠯ ᠵᠠᠮᠤᠬ᠎ᠠ
ᠠᠠᠳᠠ ᠶᠢᠨ ᠶᠢᠡᠨ ᠵᠥᠭ᠌ ᠰᠢᠭᠤᠷᠭᠠᠯᠠᠭᠰᠠᠨ
ᠰᠥᠷᠭᠡᠤ ᠣᠮᠤᠭ ᠪᠣᠯ ᠵᠠᠮᠤᠬ᠎ᠠ
ᠠᠠᠳᠠᠭᠠᠢ ᠪᠠᠨ ᠳᠡᠪᠴᠢᠭᠡᠳ ᠡᠰᠭᠡᠭ᠍ᠳᠡᠭ᠍ᠰᠡᠨ
ᠰᠤᠷᠪᠢ ᠲᠡᠶ ᠵᠡᠭᠦᠳᠤ ᠪᠣᠯ ᠵᠠᠮᠤᠬ᠎ᠠ
ᠨᠢᠭᠤᠴᠠ ᠳᠤᠪᠴᠢᠶᠠᠨ ᠡᠴᠡ ᠡᠩᠰᠡᠷᠡᠭ᠍ᠰᠡᠨ
ᠦᠨᠦᠴᠢᠨ ᠰᠡᠭᠦᠷᠡᠰᠤ ᠵᠠᠮᠤᠬ᠎ᠠ ᠪᠠᠢ᠌ᠭᠰᠠᠨ ᠡᠴᠡ
ᠨᠢᠭᠡᠳᠦᠯ ᠵᠠᠳᠠᠷᠠᠯ ᠤᠨ ᠨᠡᠭᠦᠳᠡᠯ ᠤᠨ
ᠥᠷᠦᠭᠡᠰᠤᠨ ᠯᠤᠭᠢᠭ ᠵᠠᠮᠤᠬ᠎ᠠ ᠪᠠᠢ᠌ᠭᠰᠠᠨ ᠡᠴᠡ
ᠬᠠᠨᠢ ᠬᠠᠶᠠ ᠰᠢᠷᠬᠠᠯᠠᠳᠠᠭ ᠢ
ᠬᠠᠭᠠᠴᠠᠯ ᠬᠠᠶᠠ ᠣᠶᠠᠷᠠᠳᠠᠭ ᠢ
ᠦᠰ ᠬᠠᠶᠠ ᠠᠯᠳᠠᠷᠠᠳᠠᠭ ᠢ
ᠥᠭᠦᠯ ᠬᠠᠶᠠ ᠮᠥᠩᠭᠡᠷᠡᠳᠡᠭ᠌ ᠢ
ᠵᠠᠭᠤᠷᠮᠠᠭ ᠭᠡᠢ᠌ᠰᠭᠦ ᠳᠤ ᠪᠠᠨ ᠵᠠᠮᠤᠬ᠎ᠠ ᠰᠢᠪᠠᠨᠡᠭ᠍ᠰᠡᠨ ᠶᠤᠮ
ᠵᠢᠷᠦᠭᠡ ᠪᠠᠨ ᠴᠢᠩᠨᠠᠨ ᠵᠠᠮᠤᠬ᠎ᠠ ᠣᠯᠢᠭᠰᠠᠨ ᠶᠤᠮ
ᠴᠠᠭᠠᠨ ᠭᠡᠷᠡᠮ ᠤᠨ ᠴᠠᠭᠠᠨ᠎ᠠ ᠨᠠᠭᠠᠨᠠᠬᠠᠨ
ᠳᠤᠮᠤᠭ ᠤᠨ ᠦᠨᠡᠨ ᠴᠠᠳᠢᠭ ᠭᠦᠦᠷᠨᠢᠵᠤ
ᠵᠠᠭᠤᠨ ᠵᠠᠭᠤᠨ ᠤ ᠥᠡᠳᠦᠷᠯᠢᠭ᠌ ᠳᠤ
ᠲᠤᠬᠢᠶᠠᠨ ᠳᠡᠮᠳᠡᠭ᠌ ᠳᠠᠯᠪᠢᠭᠰᠠᠨ ᠶᠤᠮ
ᠵᠠᠭᠤᠨ ᠤ ᠵᠠᠭᠤᠨ ᠳᠤ ᠳᠠᠮᠵᠢᠭᠰᠠᠭᠠᠷ
ᠳᠡᠦᠭᠡ ᠪᠠᠨ ᠪᠢᠳᠠ ᠮᠠᠷᠳᠠᠭᠰᠠᠨ ᠶᠤᠮ
ᠵᠠᠭᠤᠨ ᠵᠠᠭᠤᠨ ᠤ ᠥᠷᠳᠡᠭᠡᠨ ᠳ᠋ᠤ
ᠵᠠᠮᠤᠬ᠎ᠠ ᠪᠣᠯᠵᠤ ᠳᠤᠭᠯᠠᠭᠰᠠᠭᠠᠷ
ᠵᠤᠰᠠᠯᠠᠩ ᠤᠨ ᠨᠤᠭᠤᠭᠠᠨ ᠪᠠᠭᠤᠷᠢ ᠪᠠᠨ
ᠵᠠᠭᠤᠷᠮᠠᠭ ᠪᠣᠯᠭᠠᠵᠤ ᠬᠤᠴᠤᠷᠠᠭᠠᠭᠰᠠᠨ ᠶᠤᠮ
ᠪᠣᠭᠤᠷᠤᠯ ᠳᠠᠯ᠎ᠠ ᠳ᠋ᠤ
ᠪᠣᠰᠤᠭ᠎ᠠ ᠥᠰᠦᠭ᠌
ᠪᠤᠲᠤᠩ ᠲᠡᠶ ᠰᠠᠷᠬᠤᠤᠨ ᠶᠢᠡᠷ ᠰᠠᠪᠳᠤᠨᠠ
ᠪᠣᠷᠬᠠᠨ ᠬᠠᠯᠳᠤᠨ ᠤ ᠭᠡᠯᠳᠡᠷᠡᠭ᠍ᠰᠡᠨ ᠴᠢᠯᠠᠭᠤᠳ ᠥᠤᠷᠰᠠᠨᠠ
ᠪᠣᠯᠭᠢᠭᠰᠠᠨ ᠠᠳᠤᠭᠤᠳ ᠰᠥ᠋ ᠡᠷᠢᠯᠭᠢᠯᠡᠨ ᠨᠠᠳᠬᠤᠨᠡ
ᠠᠷᠠᠩᠭ᠋ᠠᠯᠠᠭᠰᠠᠨ ᠴᠢᠨ᠋ᠸ᠎ᠠ ᠶᠢᠨ ᠳᠠᠯ ᠡᠴᠡ
ᠠᠯᠳᠠᠷᠠᠭᠰᠠᠨ ᠮᠦᠰᠤ ᠭᠤᠭᠤᠵᠢᠨ᠎ᠠ
ᠠᠷᠪᠠᠨ ᠭᠤᠷᠪᠠᠳᠤᠭᠠᠷ ᠵᠠᠭᠤᠨ
ᠠᠽᠢᠶ᠎ᠠ ᠶᠢᠨ ᠬᠠᠷ᠎ᠠ ᠰᠢᠭᠤᠷᠭ᠎ᠠ ᠶᠢ ᠯᠠ ᠬᠤᠷᠮᠣᠢ᠌ᠯᠠᠨᠠ᠁
ᠳᠡᠦᠭᠡ ᠶᠢᠨ ᠵᠠᠢ ᠡᠴᠡ ᠭᠦᠮᠤᠨ ᠤ ᠵᠠᠢ ᠭᠡᠴᠡᠭᠦᠳᠡᠵᠤ
ᠡᠷᠢᠯ ᠥᠷᠭᠦᠯᠵᠢᠯᠡᠨ᠎ᠡ
ᠭᠦᠷ ᠬᠠᠭᠠᠨ ᠤ ᠣᠳᠤᠭᠰᠠᠨ ᠵᠥᠭ᠌ ᠡᠴᠡ ᠰᠤᠷᠭᠠᠮᠵᠢ ᠣᠷᠭᠤᠨ᠎ᠠ︕
ᠵᠤᠬᠢᠶᠠᠭᠴᠢ ᠶᠢᠨ ᠳᠤᠬᠠᠢ᠄ ᠣᠤᠯ ᠨᠠᠷᠠ ᠨᠢ ᠪᠣᠤ ᠭᠦᠸᠧ ᠮᠸᠢ᠂
ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠨ ᠤ ᠢᠠᠳᠠᠷ ᠵᠢᠷᠭᠤᠳᠤᠭᠠᠷ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠪᠠᠭᠰᠢ
ᠵᠤᠬᠢᠶᠠᠭᠴᠢ᠄ ᠮᠦᠰᠤᠠᠲ᠋ᠠᠭᠢᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2919
ᠴᠠᠭ᠄ 2009 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ