☆ ᠳ᠋·ᠨᠢᠮ᠎ᠠ
ᠪᠣᠷᠬᠠᠨ ᠬᠠᠯᠳᠤᠨ
ᠳᠡᠭ᠍ᠷᠢ ᠶᠢᠨ ᠵᠠᠷᠯᠢᠭ ᠵᠢᠠᠷ
ᠨᠦᠵᠢ ᠠᠳᠬᠤᠵᠤ ᠳᠦᠷᠦᠭ᠍ᠰᠡᠨ
ᠳᠠᠮᠤᠵᠢᠨ ᠭᠦᠪᠡᠭᠦᠨ ᠤ ᠳᠤᠭᠤᠨᠤᠳᠤ ᠳᠠᠢ
ᠳᠠᠩᠴᠠᠵᠤ ᠪᠣᠰᠴᠤ ᠥᠰᠭᠦ ᠳ᠋ᠤᠨᠢ
ᠥᠭᠡᠯᠤᠨ ᠡᠭᠡ ᠲᠡᠶ ᠨᠢ ᠠᠴᠢᠯᠠᠭᠰᠠᠨ
ᠥᠷᠭᠡᠨ ᠣᠶᠤᠨ ᠤ ᠢᠪᠠᠭᠡᠯ ᠲᠡᠶ
ᠳᠡᠭ᠍ᠷᠢ ᠶᠢᠨ ᠠᠭᠤᠯᠠ - ᠪᠣᠷᠬᠠᠨ ᠬᠠᠯᠳᠤᠨ
ᠴᠢᠩᠭᠢᠰ ᠤᠨ ᠮᠢᠨᠢ ᠠᠭᠤᠯᠠ ᠡ᠃
ᠳᠤᠭᠤᠷᠭ᠎ᠠ ᠲ᠋ᠤᠰᠭᠠᠷ ᠮᠤᠩᠭ᠋ᠤᠯ ᠤᠨ ᠮᠢᠨᠢ
ᠳᠤᠯᠭ᠎ᠠ ᠶᠢᠨ ᠴᠢᠯᠠᠭᠤ ᠠᠭᠤᠯᠠ ᠡ᠃
ᠳᠡᠯᠡᠭᠡᠢ ᠶᠢᠨ ᠳᠠᠯ᠎ᠠ ᠶᠢ ᠭᠡᠷ ᠤᠨ
ᠪᠠᠭᠤᠷᠢ ᠪᠠᠷ ᠶᠢᠡᠨ ᠳᠠᠮᠠᠭᠠᠯᠠᠭᠰᠠᠨ
ᠳᠡᠭᠡᠪᠦᠷ ᠴᠡᠩᠭᠡᠷ ᠣᠷᠴᠢᠯᠠᠩ ᠶᠢᠡᠷ
ᠠᠯᠳᠠᠷ ᠰᠤᠤ ᠪᠠᠨ ᠪᠠᠳᠠᠷᠠᠭᠠᠭᠰᠠᠨ
ᠮᠤᠷᠢᠳᠠᠨ ᠲᠦᠮᠡᠨ ᠤ ᠳᠠᠷᠨᠢ ᠲᠡᠶ
ᠳᠡᠭ᠍ᠷᠢ ᠠᠭᠤᠯᠠ - ᠪᠣᠷᠬᠠᠨ ᠬᠠᠯᠳᠤᠨ
ᠴᠢᠩᠭᠢᠰ ᠤᠨ ᠮᠢᠨᠢ ᠠᠭᠤᠯᠠ ᠡ᠃
ᠠᠪᠠᠰᠢᠭ ᠭᠠᠯ ᠲᠡᠶ ᠮᠤᠩᠭ᠋ᠤᠯ ᠤᠨ ᠮᠢᠨᠢ
ᠠᠯᠳᠠᠨ ᠰᠤᠶᠤᠩᠪᠣ ᠠᠭᠤᠯᠠ ᠡ᠃
ᠨᠢ᠋ᠮᠠᠨ ᠲᠦᠮᠡᠨ ᠠᠳᠤᠭᠤ ᠪᠠᠷ
ᠭᠢᠰᠭᠢᠭᠦᠯᠵᠤ ᠣᠩᠭ᠋ᠤᠯᠠᠭᠰᠠᠨ
ᠳᠡᠭᠡᠳᠦᠰ ᠡᠵᠡᠨ ᠤ ᠪᠣᠩᠬᠤᠨ ᠲᠡᠶ
ᠨᠠᠷᠠ ᠵᠦᠪ ᠳᠤᠭᠤᠷᠢᠭᠰᠠᠭᠠᠷ
ᠳᠡᠯᠡᠭᠡᠢ ᠶᠢ ᠪᠦᠰᠡᠯᠡᠭᠦᠷᠳᠡᠨ ᠤᠷᠤᠰᠬᠭᠰᠡᠨ
ᠪᠠᠯᠴᠢᠷ ᠭᠤᠷᠪᠠᠨ ᠭᠤᠤᠯ ᠲᠡᠶ᠃
ᠳᠡᠭ᠍ᠷᠢ ᠶᠢᠨ ᠠᠭᠤᠯᠠ ᠪᠣᠷᠬᠠᠨ ᠬᠠᠯᠳᠤᠨ
ᠴᠢᠩᠭᠢᠰ ᠤᠨ ᠮᠢᠨᠢ ᠠᠭᠤᠯᠠ
ᠲᠦᠰᠢᠶ᠎ᠠ ᠨᠦᠮᠦᠷᠢ ᠮᠤᠩᠭ᠋ᠤᠯ ᠤᠨ ᠮᠢᠨᠢ
ᠲᠦᠷᠦ ᠶᠢᠨ ᠳᠠᠮᠠᠭ᠎ᠠ ᠲᠡᠶ ᠠᠭᠤᠯᠠ ᠡ᠃
ᠵᠤᠬᠢᠶᠠᠭᠴᠢ᠄ ᠳ᠋·ᠨᠢᠮ᠎ᠠ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 2731
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ