☆ ᠦᠯᠠᠮᠵᠢ
ᠮᠢᠨᠤ ᠭᠦᠰᠡᠯ
ᠠᠷᠢᠭᠤᠨ ᠴᠠᠢ᠌ᠯᠭᠠᠨ ᠰᠡᠳᠭᠢᠯ ᠰᠠᠨᠠᠭ᠎ᠠ
ᠠᠶᠤᠤᠯᠢᠬᠠᠢ ᠴᠡᠭᠡᠵᠢ ᠢ᠌ ᠭᠡᠷᠡᠯᠳᠦᠭᠦᠯᠦᠨ᠎ᠡ
ᠡᠡᠯᠦᠰ ᠢᠷᠡᠭᠡᠳᠦᠢ ᠶᠢ᠌ ᠵᠦᠷᠢᠬᠤ ᠭᠦᠰᠡᠯ
ᠠᠭᠤᠤ ᠥᠢᠯᠡᠰ ᠢ ᠪᠦᠳᠦᠭᠡᠨ᠎ᠡ
ᠭᠦᠮᠤᠨ ᠪᠤᠯᠬᠤ ᠬᠠᠷᠭᠤᠢ ᠶᠢ᠌
ᠭᠦᠡᠳᠦᠳᠤ ᠪᠠᠭᠰᠢ ᠮᠢᠨᠢ ᠵᠢᠭᠠᠭᠰᠠᠨ
ᠨᠢᠩᠵᠢᠨ ᠰᠠᠢ᠌ᠬᠠᠨ ᠰᠤᠷᠭᠠᠯ ᠨᠢ
ᠨᠠᠰᠤᠨ ᠤ ᠲ᠋ᠤᠷᠠᠰᠤᠮᠵᠢ ᠪᠣᠯᠤᠭᠰᠠᠨ
ᠮᠡᠳᠡᠯᠭᠡ ᠮᠡᠷᠭᠡᠰᠢᠯ ᠡᠵᠡᠮᠰᠢ ᠭᠡᠵᠤ
ᠬᠠᠢ᠌ᠷᠠᠳᠤ ᠪᠠᠭᠰᠢ ᠮᠢᠨᠢ ᠰᠤᠷᠭᠠᠭᠰᠠᠨ
ᠮᠡᠷᠡᠢ᠌ᠨ ᠴᠢᠷᠮᠡᠢ᠌ᠨ ᠰᠦᠷᠦᠯᠴᠡ ᠭᠡᠵᠤ
ᠭᠦᠡᠳᠦᠳᠤ ᠡᠡᠪᠦ ᠮᠢᠨᠢ ᠵᠠᠭᠢᠭᠰᠠᠨ
ᠢᠳᠡᠭᠡᠯ ᠪᠢᠰᠢᠷᠡᠯ ᠢ ᠡᠷᠭᠢᠮᠯᠡᠭᠦ ᠨᠢ
ᠡᠨᠡ ᠪᠠᠶ᠎ᠡ ᠶᠢᠨ ᠮᠢᠨᠢ ᠵᠠᠩᠰᠢᠯ ᠶᠦᠮ
ᠢᠵᠢᠯᠢ ᠳᠤ ᠪᠠᠨ ᠲ᠋ᠤᠳᠤᠨᠤ ᠬᠠᠠᠳᠤᠳᠠᠭ ᠨᠢ
ᠥᠪᠠᠷ ᠤᠨ ᠪᠠᠶ᠎ᠡ ᠶᠢᠨ ᠮᠢᠨᠢ ᠭᠦᠰᠡᠯ ᠶᠤᠮ
ᠡᠵᠢ ᠡᠡᠪᠦ ᠶᠢᠨ ᠭᠦᠰᠡᠯ ᠢ
ᠡᠷᠭᠢᠮᠨᠡᠵᠤ ᠴᠡᠭᠡᠵᠢᠯᠡᠵᠤ ᠶᠡᠪᠦᠨ᠎ᠡ
ᠠᠴᠢᠳᠤ ᠪᠠᠭᠰᠢ ᠵᠢᠨ ᠰᠤᠷᠭᠠᠯ ᠢ
ᠠᠴᠢᠯᠠᠨ ᠳᠡᠭᠡᠳᠦᠯᠡᠵᠤ ᠶᠡᠪᠦᠨ᠎ᠡ
ᠭᠦᠯᠦᠭ᠌ ᠤᠨ ᠵᠢᠯᠦᠭᠤ ᠠᠳᠬᠤᠭᠤᠯᠤᠭᠰᠠᠨ
ᠭᠦᠡᠳᠦᠳᠤ ᠬᠠᠢ᠌ᠷᠠᠳᠤ ᠪᠠᠭᠰᠢ ᠮᠢᠨᠢ
ᠭᠦᠮᠤᠨ ᠤ ᠵᠡᠷᠭᠡ ᠳᠤ ᠭᠦᠷᠭᠡᠭ᠍ᠰᠡᠨ
ᠭᠦᠭᠡ ᠮᠤᠩᠭ᠋ᠤᠯ ᠨᠤᠳᠤᠭ ᠮᠢᠨᠢ
ᠭᠦᠰᠡᠯ ᠭᠡᠵᠤ ᠶᠠᠭᠤᠳᠠᠢ ᠰᠠᠢ᠌ᠬᠠᠨ
ᠢᠷᠡᠭᠡᠳᠦᠢ ᠭᠡᠵᠤ ᠶᠠᠭᠤᠳᠠᠢ ᠰᠠᠢ᠌ᠬᠠᠨ
ᠭᠦᠰᠡᠯ ᠤᠨ ᠰᠠᠢ᠌ᠬᠠᠨ ᠳᠤ ᠪᠠᠨ ᠣᠮᠤᠭᠰᠢᠨ᠎ᠠ
ᠢᠷᠡᠭᠡᠳᠦᠢ ᠶᠢᠨ ᠥᠢᠯᠡᠰ ᠲ᠋ᠤ ᠪᠠᠨ ᠮᠡᠷᠡᠢ᠌ᠨᠡ
ᠵᠤᠬᠢᠶᠠᠭᠴᠢ ᠶᠢᠨ ᠬᠠᠶᠢᠭ ᠄ ᠳᠦᠩᠯᠢᠶᠤᠤ ᠬᠤᠳᠡ ᠶᠢᠨ ᠬᠤᠷᠴᠢᠨ ᠵᠡᠭᠦᠨ ᠭᠠᠷᠤᠨ ᠲ᠋ᠦᠮᠳᠡᠳᠤ ᠬᠤᠰᠢᠭᠤᠨ ᠤ ᠬᠤᠸᠠᠬᠤᠰᠢᠭᠤ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠦᠯᠠᠮᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3164
ᠴᠠᠭ᠄ 2012 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ