ᠨᠡᠪᠲᠡᠷᠡᠨ ᠤᠷᠤᠬᠤ
ᠳᠦᠷᠦᠭᠡᠨ ᠳᠠᠭᠤᠨ
᠊᠊᠊᠊᠊᠊᠊᠊᠊᠊᠊᠊᠊᠊᠊ (ᠭᠦᠳᠦᠯᠦᠭᠡ ᠭᠤᠷᠪᠠ)



ᠮᠢᠩᠭ᠋ᠠᠨ ᠣᠨ ᠤ ᠳᠡᠦᠭᠡᠨ ᠡᠴᠡ

ᠮᠥᠩᠭᠡᠷᠡᠵᠤ ᠥᠯᠡᠳᠡᠭ᠍ᠰᠡᠨ ᠳᠤᠤᠯᠢᠰ

ᠮᠠᠨ ᠤ ᠦᠶ᠎ᠡ ᠳᠤᠯᠤᠭᠠᠤᠨ

ᠮᠠᠩᠰᠢᠭᠤᠷᠠᠵᠤ ᠣᠷᠭᠢᠭᠰᠠᠨ ᠵᠡᠭᠦᠳᠤ


ᠲ᠋ᠠᠯ᠎ᠠ ᠶᠢᠨ ᠴᠠᠭᠠᠨ ᠮᠠᠩᠬᠠᠨ ᠡᠴᠡ

ᠳᠡᠭ᠍ᠷᠢ ᠴᠤᠷᠭᠢᠭᠰᠠᠨ ᠭᠦᠭ᠌

ᠳᠡᠦᠭᠡ ᠦᠨᠡᠨ ᠤ ᠬᠤᠭᠤᠷᠤᠠᠳᠤ

ᠳᠦᠭᠡᠷᠢᠵᠤ ᠬᠤᠯᠠᠳᠠᠭ᠎ᠠ ᠭᠤᠨᠢᠭ


ᠬᠠᠨᠠᠳᠤ ᠭᠡᠷ ᠶᠢᠡᠨ ᠥᠭᠡᠢ᠌ᠯᠡᠭ᠍ᠰᠡᠨ

ᠬᠤᠷᠸ᠎ᠠ ᠣᠶᠠᠷᠠᠭᠤᠯᠤᠮ᠎ᠠ ᠠᠶ᠎ᠠ

ᠬᠤᠭᠤᠷ ᠤᠨ ᠡᠭᠡᠰᠢᠭ᠌ ᠲᠤ ᠰᠢᠩᠭᠡᠭ᠍ᠰᠡᠨ

ᠰᠤᠨᠤᠷ ᠲᠤ ᠬᠠᠳᠠᠬᠤ ᠰᠤᠮᠤ


ᠣᠢ ᠶᠢᠨ ᠪᠠᠷᠭᠡ ᠭᠦᠰᠡᠭ᠍ᠰᠡᠨ

ᠦᠨᠦᠴᠢᠨ ᠪᠣᠷᠤ ᠪᠣᠯᠵᠤᠮᠤᠷ

ᠣᠳᠤᠷ ᠶᠢᠡᠨ ᠥᠭᠡᠢ᠌ᠯᠡᠨ ᠰᠡᠭᠦᠷᠡᠰᠦᠯᠡᠭ᠍ᠰᠡᠨ

ᠥᠯᠦᠰᠭᠦᠯᠡᠩ ᠨᠢᠴᠦᠭᠦᠨ ᠨᠢᠷᠤᠭᠤᠳ


        ᠮᠤᠩᠭ᠋ᠤᠯ ᠮᠤᠷᠢ


ᠴᠤᠯᠮᠤᠨ ᠰᠡᠷᠢᠭᠡᠭ᠍ᠰᠡᠨ ᠢᠠᠴᠠᠭᠠᠯ

ᠴᠤᠬᠤᠷᠯᠠᠭᠰᠠᠨ ᠳᠠᠯ᠎ᠠ ᠡᠴᠡ ᠪᠠᠨ ᠣᠭᠢᠯᠠᠵᠤ ᠬᠤᠯᠠᠳᠠᠨ᠎ᠠ

ᠨᠤᠳᠤᠭ ᠶᠢᠡᠨ ᠴᠢᠮᠡᠭ᠍ᠰᠡᠨ ᠵᠢᠰᠤᠮ ᠰᠦᠷᠦᠭ᠌

ᠮᠤᠩᠭ᠋ᠤᠯ ᠳᠡᠦᠭᠡᠨ ᠳᠤ ᠪᠠᠨ ᠬᠠᠢ᠌ᠯᠵᠤ ᠠᠭᠤᠰᠤᠨ᠎ᠠ


ᠠᠳᠠᠷ ᠤᠨ ᠳᠤᠷᠭᠠᠨ ᠭᠦᠷᠦᠰᠤᠨ ᠳᠤ ᠪᠠᠨ

ᠠᠰᠢᠳᠠ ᠶᠢᠨ ᠵᠠᠶᠠᠭᠠᠳᠠᠢ ᠠᠳᠤᠭᠤᠳ ᠮᠢᠨᠢ

ᠠᠵᠠ ᠭᠢᠴᠢᠶᠡᠭ᠍ᠰᠡᠨ ᠵᠠᠶᠠᠭᠠᠨ ᠡᠴᠡ

ᠭᠢᠯᠭᠠᠰᠤᠨ ᠳᠡᠭᠡᠰᠤ ᠲᠡᠶ ᠭᠡᠶ‍ᠦᠷᠡᠭ᠍ᠰᠡᠭᠡᠷ


ᠣᠳᠤᠷ ᠤᠨ ᠠᠢ᠌ᠯ ᠤᠨ ᠣᠶᠠᠭ᠎ᠠ

ᠦᠨᠡᠨ ᠤ ᠡᠭᠦᠳᠡᠨ ᠳᠤ ᠬᠤᠭᠤᠰᠤᠷᠠᠨ

ᠣᠷᠤᠯᠳᠤᠭᠠᠨ ᠤ ᠭᠠᠭᠴᠠᠬᠠᠨ ᠣᠨᠤᠭ᠎ᠠ

ᠣᠬᠠᠭᠠᠨ ᠳᠤ ᠮᠢᠨᠢ ᠭᠦᠡᠳᠤ ᠴᠠᠭᠢᠯᠤᠨ᠎ᠠ ᠡ᠂᠂᠂᠂


        ᠪᠠᠭᠠᠯ


ᠬᠤᠷᠤᠭ᠎ᠠ ᠪᠠᠨ ᠰᠠᠭᠢᠭᠰᠠᠨ ᠬᠤᠳᠠᠴᠢ ᠨᠤᠬᠠᠢ

ᠬᠤᠯᠠ ᠶᠢᠨ ᠠᠨᠢᠷ ᠶᠢᠡᠷ ᠬᠤᠴᠠᠯᠳᠤᠨ᠎ᠠ

ᠬᠣᠢ᠌ᠮᠤᠷ ᠡᠵᠡᠯᠡᠭ᠍ᠰᠡᠨ ᠦᠴᠦᠭᠡᠨ ᠪᠠᠭᠠᠯ

ᠬᠤᠷᠮᠤᠢ ᠳᠠᠭᠠᠵᠤ ᠪᠦᠮᠪᠦᠷᠢᠨ᠎ᠡ


ᠨᠠᠰᠢ ᠴᠠᠰᠢ ᠡᠷᠭᠡᠯᠡᠭ᠍ᠰᠡᠭᠡᠷ

ᠬᠠᠳᠠᠭᠤ ᠠᠯᠪᠠ ᠡᠴᠡ ᠭᠡᠯᠳᠦᠷᠢᠨ᠎ᠡ

ᠪᠠᠭᠠᠰᠢ ᠪᠠᠰᠢᠷ ᠭᠡᠷᠡᠭᠯᠡᠭ᠍ᠰᠡᠭᠡᠷ

ᠴᠠᠪ ᠤᠨ ᠡᠯᠪᠠᠭ᠌ ᠲᠤ ᠪᠠᠭᠤᠨ᠎ᠠ


ᠭᠦᠯ ᠭᠠᠷ ᠲᠡᠶ ᠣᠷᠢᠶᠠᠯᠳᠤᠨ ᠵᠠᠭᠤᠷᠠᠯᠳᠤᠭᠠᠤᠨ

ᠭᠦᠭᠡᠷᠦᠭᠦᠢ ᠳᠦᠷᠢ ᠶᠢ ᠬᠠᠭᠤᠷᠮᠠᠭ ᠪᠦᠳᠦᠭᠡᠨ᠎ᠡ

ᠵᠠᠯᠢ ᠪᠠᠰᠢᠷ ᠢ ᠢᠳᠡᠭᠡᠳᠡᠯ᠎ᠡ ᠭᠡᠷᠡᠭᠯᠡᠭᠡᠳ

ᠵᠠᠪᠰᠠᠷ ᠤᠨ ᠳᠦᠷᠢ ᠶᠢ ᠦᠨᠡᠩᠬᠦ ᠱᠤᠤᠭᠤᠨ᠎ᠠ


       ᠰᠢᠷᠬ᠎ᠠ


ᠬᠠᠷᠠᠭᠠᠨ ᠳᠤ ᠡᠮᠵᠡᠭᠯᠡᠨ ᠳᠤᠰᠬᠤ

ᠬᠠᠭᠤᠴᠢᠨ ᠳᠠᠯ᠎ᠠ ᠶᠢᠨ ᠮᠢᠨᠢ ᠪᠠᠭᠤᠷᠢ

ᠰᠡᠳᠭᠢᠯ ᠳᠤ ᠭᠦᠡᠳᠦᠭᠡᠨ ᠣᠨᠠᠬᠤ

ᠰᠥᠰᠦᠭ᠌ ᠤᠨ ᠮᠢᠨᠢ ᠨᠤᠳᠤᠭ ᠣᠰᠤᠨ


ᠣᠶᠤᠨ ᠳᠤ ᠮᠢᠨᠢ ᠳᠤᠮᠤᠭᠵᠢᠵᠤ ᠮᠥᠩᠭᠡᠷᠡᠭ᠍ᠰᠡᠨ

ᠠᠪᠣ ᠶᠢᠨ ᠮᠢᠨᠢ ᠴᠤᠭᠤᠷ ᠤᠨ ᠡᠭᠡᠰᠢᠭ᠌

ᠣᠬᠠᠭᠠᠨ ᠳᠤ ᠮᠢᠨᠢ ᠳᠤᠭᠤᠰᠤᠷᠠᠵᠤ ᠬᠠᠳᠠᠩᠰᠢᠭᠰᠠᠨ

ᠡᠵᠢ ᠶᠢᠨ ᠮᠢᠨᠢ ᠮᠠᠩᠨᠤᠭ ᠳᠡᠷᠯᠢᠭ᠌


ᠣᠢ ᠶᠢᠨ ᠭᠦᠨ ᠡᠴᠡ ᠴᠤᠤᠷᠢᠶ‍ᠳᠤᠬᠤ

ᠦᠳᠡᠰᠢ ᠶᠢᠨ ᠪᠣᠭᠤ ᠶᠢᠨ ᠦᠷᠤᠮᠳᠤᠯ

ᠰᠠᠭᠤᠷᠢᠰᠢᠯ ᠤᠨ ᠬᠠᠰᠢᠶᠠᠨ ᠡᠴᠡ ᠰᠤᠨᠤᠷᠳᠠᠬᠤ

ᠬᠤᠨᠢᠳ ᠤᠨ ᠭᠦᠩᠭᠡᠭᠡᠨ ᠮᠠᠢ᠌ᠯᠠᠭ᠎ᠠ


ᠡᠨᠡ ᠪᠦᠭᠦᠨ ᠳᠤ ᠰᠤᠷᠪᠢ ᠰᠠᠭᠤᠯ᠎ᠠ᠁

ᠡᠯᠢᠭᠡ ᠵᠢᠷᠦᠭᠡᠨ ᠳᠤ ᠮᠢᠨᠢ ᠰᠢᠷᠬ᠎ᠠ ᠰᠠᠭᠤᠯ᠎ᠠ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ