ᠨᠡᠪᠲᠡᠷᠡᠨ ᠤᠷᠤᠬᠤ
ᠬᠦᠮᠦᠨ ᠤ ᠨᠢᠭᠤᠷ ᠲᠠᠢ

ᠰᠠᠮᠪᠠᠭ᠎ᠠ ᠪᠣᠯ ᠣᠬᠠᠭᠠᠨ ᠲᠡᠶ᠂ ᠰᠠᠢ᠌ᠬᠠᠨ ᠰᠠᠨᠠᠭ᠎ᠠ ᠲᠡᠶ ᠭᠤᠶᠤ ᠭᠡᠦᠭᠡᠨ᠃ ᠨᠢᠳᠤᠨᠤᠨ᠂ ᠳᠠᠷᠠ ᠨᠢᠭᠡ ᠬᠤᠭ ᠨᠤᠪᠰᠢ ᠳᠤ ᠬᠠᠶᠠᠭᠳᠠᠭᠰᠠᠨ᠂ ᠠᠷᠠᠢ᠌ᠬᠠᠨ ᠠᠮᠢ ᠲᠡᠶ ᠭᠦᠯᠦᠭᠡ ᠶᠢ ᠣᠯᠵᠤ ᠥᠵᠡᠭᠡᠳ᠂ ᠦᠷᠤ ᠡᠪᠡᠳᠴᠤ᠂ ᠳᠡᠷᠭᠡᠳᠡ ᠨᠢ ᠭᠦᠷᠴᠤ ᠣᠴᠢᠭᠠᠤᠨ᠂ ᠳᠠᠮᠳᠠᠷᠢᠵᠤ ᠦᠵᠡᠪᠠᠯ᠂ ᠪᠠᠰᠠ ᠠᠮᠢ ᠲᠡᠶ ᠪᠠᠢ᠌ᠵᠠᠢ᠃ ᠡᠨᠡ ᠭᠡᠦᠭᠡᠨ ᠳᠡᠭᠦᠨ ᠢ ᠶᠡᠭᠡᠯ᠎ᠡ ᠭᠦᠭᠡᠷᠦᠭᠦᠢᠯᠡᠨ᠂ ᠡᠪᠴᠢᠭᠦᠤ ᠳᠤ ᠪᠠᠨ ᠨᠠᠭᠠᠯᠳᠤᠭᠤᠯᠤᠨ ᠪᠠᠶ᠎ᠠ ᠶᠢᠨ ᠬᠠᠯᠠᠭᠤᠨ ᠶᠢᠡᠷ ᠠᠮᠢ ᠣᠷᠤᠭᠤᠯᠬᠤ ᠶᠢ ᠪᠣᠳᠤᠵᠤ᠂ ᠭᠡᠷ ᠲᠡᠭᠡᠨ ᠠᠪᠠᠴᠢᠷᠠᠯ᠎ᠠ᠃ ᠣᠷᠤᠨ ᠳᠡᠭᠡᠷ᠎ᠡ ᠪᠠᠨ ᠭᠡᠪᠳᠡᠭᠦᠯᠵᠤ ᠰᠥ᠋ ᠣᠭᠵᠢᠭᠰᠠᠨ ᠳᠤ ᠡᠨᠡ ᠭᠦᠯᠦᠭᠡ ᠠᠩᠭ᠋ᠠᠰ ᠠᠩᠭ᠋ᠠᠰ ᠠᠮᠢᠰᠬᠤᠳᠠᠨ᠂ ᠭᠦᠯ ᠳᠠᠯᠴᠢᠯᠠᠨ ᠪᠣᠰᠴᠤ ᠵᠤᠭᠰᠤᠯ᠎ᠠ᠃ ᠰᠢᠨ᠎ᠡ ᠡᠵᠡᠭ᠍ᠳᠡᠢ ᠪᠠᠨ ᠬᠠᠷᠠᠭᠠᠤᠨ᠂ ᠪᠦᠭ᠍ᠰᠡ ᠰᠠᠵᠢᠯᠠᠨ ᠰᠡᠭᠦᠯ ᠰᠢᠷᠪᠠᠯᠵᠠᠭᠤᠯᠤᠨ᠂ ᠭᠡᠯᠡ ᠪᠠᠨ ᠭᠠᠷᠭᠠᠵᠤ ᠳᠠᠯᠠᠷᠬᠠᠯ ᠶᠢᠡᠨ ᠢᠯᠡᠳᠭᠡᠨ᠎ᠡ᠃ ᠥᠭᠡ ᠭᠡᠯᠡᠵᠤ ᠴᠢᠳᠠᠬᠤ ᠦᠭᠡᠶ ᠶᠤᠮ ᠴᠢᠨᠢ ᠢᠩᠭᠢᠭᠦ ᠯᠠ ᠶᠤᠰᠤᠳᠠᠢ᠃ ᠭᠡᠳᠤᠨ ᠡᠳᠦᠷ ᠥᠩᠭᠡᠷᠡᠭᠡᠳ ᠡᠨᠡ ᠭᠦᠯᠦᠭᠡ ᠶᠡᠭᠡᠯ᠎ᠡ ᠳᠡᠩᠭᠡᠭᠡ ᠲᠡᠶ ᠪᠣᠯᠵᠤ᠂ ᠡ᠊ᠨᠳᠡ ᠳᠠᠠᠳᠠ ᠰᠢᠩᠰᠢᠵᠤ᠂ ᠭᠡᠷᠡᠮ ᠤᠨ ᠣᠭ ᠲᠤ ᠭᠦᠯ ᠡᠷᠭᠦᠨ ᠰᠢᠭᠡᠭᠡᠳ ᠡᠵᠡᠨ ᠳᠡᠭᠡᠨ ᠭᠦᠷᠴᠤ ᠢᠷᠡᠭᠡᠳ ᠪᠠᠶ᠎ᠠ ᠪᠠᠨ ᠨᠠᠭᠠᠯᠳᠤᠭᠤᠯᠤᠨ᠎ᠠ᠃ ᠡᠵᠡᠨ ᠶᠢᠡᠨ ᠰᠠᠯᠤᠰᠢ ᠦᠭᠡᠶ ᠳᠠᠭᠠᠵᠤ᠂ ᠭᠤᠴᠢᠭ ᠭᠤᠰᠢᠭ ᠪᠣᠯᠵᠠᠢ᠃

ᠬᠠᠪᠣᠷ ᠤᠨ ᠠᠭᠤᠷ ᠳᠡᠭ᠍ᠳᠡᠵᠤ᠂ ᠲᠦᠮᠡᠨ ᠪᠣᠳᠠᠰ ᠠᠮᠢᠯᠠᠯ ᠤᠨ ᠰᠢᠮ᠎ᠠ ᠶᠢ ᠣᠯᠵᠤ᠂ ᠨᠠᠷᠠᠨ ᠤ ᠳᠤᠶᠠᠭᠠᠨ ᠳᠤ ᠭᠢᠯᠠᠯᠴᠠᠵᠤ᠂ ᠠᠮᠢ ᠨᠠᠰᠤᠨ ᠤ ᠭᠦᠴᠤᠨ ᠰᠦᠷ ᠢ ᠭᠠᠢ᠌ᠬᠠᠭᠤᠯᠤᠨ᠎ᠠ ᠪᠣᠢ᠃ ᠰᠠᠮᠪᠠᠭ᠎ᠠ ᠭᠡᠦᠭᠡᠨ ᠡᠨᠡ ᠣᠯᠠᠷᠢᠯ ᠳᠤ ᠠᠮᠢ ᠠᠪᠣᠷᠠᠭᠳᠠᠭᠰᠠᠨ ᠨᠤᠬᠠᠢ ᠪᠠᠨ ᠳᠠᠭᠠᠭᠤᠯᠵᠤ ᠭᠡᠭᠡᠷ᠎ᠡ ᠵᠤᠭᠠᠴᠠᠬᠤ ᠪᠠᠷ ᠭᠠᠷᠤᠯ᠎ᠠ᠃ ᠡᠨᠡ ᠭᠦᠯᠦᠭᠡ ᠨᠢ ᠳᠠᠢ᠌ᠭ᠎ᠠ ᠨᠤᠬᠠᠢ ᠪᠣᠯᠵᠤ ᠦᠰᠦᠭᠡᠳ᠂ ᠬᠤᠶᠠᠷ ᠴᠢᠭᠢ ᠨᠢ ᠭᠤᠷᠣᠢ᠌ᠭᠠᠤᠨ᠂ ᠬᠤᠩᠰᠢᠶᠠᠷ ᠠᠮᠠ ᠨᠢ ᠢᠷᠵᠠᠢ᠌ᠭᠠᠤᠨ᠂ ᠦᠰᠤ ᠨᠢ ᠦᠷᠪᠠᠢ᠌ᠭᠡᠳ᠂ ᠦᠨᠦᠷ ᠰᠢᠩᠰᠢᠭᠡᠳ ᠶᠠᠪᠣᠨ᠎ᠠ᠃ ᠡᠢ᠌ᠮᠤ ᠮᠠᠭᠤᠬᠠᠢ ᠳᠦᠷᠢ ᠨᠢ ᠰᠠᠮᠪᠠᠭ᠎ᠠ ᠶᠢᠨ ᠰᠤᠨᠢᠷᠬᠠᠯ ᠳᠤ ᠨᠠᠢ᠌ᠴᠠᠵᠠᠢ᠃ ᠨᠠᠩ ᠭᠦᠭᠡᠷᠦᠭᠦᠢ ᠨᠢ ᠭᠡᠪᠠᠯ ᠡᠨᠡ ᠨᠤᠬᠠᠢ ᠡᠵᠡᠨ ᠳᠡᠭᠡᠨ ᠨᠠᠩ ᠰᠢᠳᠤᠷᠭᠤ᠂ ᠭᠦᠮᠤᠨ ᠪᠦᠭᠦᠨ ᠢ ᠬᠤᠯᠠᠭᠠᠢ ᠨᠢᠳᠤ ᠪᠠᠷ ᠠᠵᠢᠭᠯᠠᠨ᠂ ᠳᠡᠭᠦᠨ ᠡᠴᠠ ᠡᠵᠡᠨ ᠶᠢᠡᠨ ᠬᠠᠮᠠᠭᠠᠯᠠᠬᠤ ᠶᠢ ᠯᠠ ᠭᠢᠴᠢᠶᠠᠵᠤ ᠰᠡᠭᠦᠯ ᠴᠢᠷᠤᠨ ᠪᠦᠩ ᠪᠦᠩ ᠠᠯᠬᠤᠨ᠎ᠠ᠃ ᠭᠡᠪᠠᠴᠤ ᠰᠢᠳᠠᠮ ᠪᠠᠷᠢᠭᠰᠠᠨ ᠭᠦᠮᠤᠨ ᠢ ᠦᠵᠡᠪᠠᠯ ᠰᠡᠭᠦᠯ ᠶᠢᠡᠨ ᠬᠠᠪᠴᠢᠵᠤ ᠡᠵᠡᠨ ᠤ ᠪᠠᠨ ᠬᠤᠷᠮᠤᠢ ᠳᠤ ᠰᠢᠷᠭᠤᠨ᠎ᠠ᠃

ᠨᠤᠬᠠᠢ ᠭᠡᠳᠡᠭ᠌ ᠴᠢᠨᠢ ᠪᠢᠯᠳᠠᠤᠴᠢ ᠠᠮᠢᠳᠠᠨ᠂ ᠳᠤᠷᠤᠢ ᠪᠠᠭᠤᠷᠠᠢ ᠳᠠᠭᠠᠨ ᠶᠡᠭᠡ ᠡᠷ᠎ᠡ᠂ ᠳᠠᠭᠢᠶ᠎ᠠ ᠶᠢ ᠥᠵᠡᠭᠡᠳ ᠭᠦᠶ‍ᠦᠵᠤ ᠣᠴᠢᠵᠤ ᠬᠠᠵᠠᠨ ᠰᠦᠷᠳᠡᠭᠦᠯᠤᠨ᠎ᠡ᠃ ᠰᠠᠮᠪᠠᠭ᠎ᠠ ᠡᠢ᠌ᠮᠤ ᠨᠢᠭᠡᠨ ᠰᠦᠷ ᠲᠡᠶ ᠬᠠᠨᠢ ᠲᠡᠶ ᠪᠣᠯᠤᠭᠠᠤᠨ ᠬᠤᠯᠠᠭᠠᠢ᠌ᠴᠢ ᠪᠠ ᠪᠣᠯᠢᠶᠠᠭᠴᠢ ᠡᠴᠠ ᠠᠶᠤᠬᠤ ᠦᠭᠡᠶ ᠵᠤᠷᠢᠭ ᠲᠡᠶ ᠪᠣᠯᠤᠭᠠᠤᠨ᠂ ᠴᠢᠭᠡᠴᠢ ᠳᠡᠨᠡᠢ᠌ᠯᠭᠡᠨ ᠨᠤᠬᠠᠢ ᠳᠠᠭᠠᠭᠤᠯᠵᠤ ᠭᠤᠤᠯ ᠤᠨ ᠭᠦᠪᠠᠭᠡᠨ ᠳᠤ ᠣᠴᠢᠪᠠ᠃ ᠨᠤᠬᠠᠢ ᠶᠢᠨ ᠬᠠᠮᠠᠷ ᠨᠢ ᠬᠤᠷᠴᠠ ᠪᠣᠯᠬᠤᠷ ᠭᠡᠵᠢᠶᠠᠨᠠᠢ ᠨᠢᠭᠡ ᠰᠤᠨᠢᠨ ᠦᠨᠦᠷ ᠢ ᠣᠯᠵᠤ ᠥᠨᠦᠷᠯᠡᠭᠡᠳ ᠴᠢᠭᠢ ᠭᠤᠷᠣᠢ᠌ᠯᠭᠠᠨ᠂ ᠭᠦᠵᠦᠭᠦᠤ ᠰᠤᠩᠭ᠋ᠠᠨ ᠬᠠᠷᠠᠭᠰᠠᠨ ᠴᠢᠨᠢ ᠨᠢᠭᠡ ᠭᠤᠶᠤᠬᠠᠨ ᠥᠯᠦᠭ᠍ᠴᠢᠨ ᠢᠷᠠᠵᠤ ᠪᠠᠢ᠌ᠬᠤ ᠨᠢ ᠬᠠᠷᠠᠭᠳᠠᠯ᠎ᠠ᠃ ᠡᠨᠡ ᠳᠠᠢ᠌ᠭ᠎ᠠ᠂ ᠢᠵᠢᠯ ᠳᠦᠷᠤᠯ ᠤᠨ ᠢᠵᠢᠯ ᠪᠣᠰᠤ ᠪᠠᠯᠭᠡᠳᠡᠨ ᠲᠡᠶ ᠣᠴᠠᠷᠠᠭᠠᠤᠨ᠂ ᠶᠠᠭᠤᠨ ᠡᠷᠡᠭᠡ ᠵᠢᠷᠤᠭ᠎ᠠ ᠲᠡᠶ ᠪᠣᠢ ︖ ᠰᠢᠭᠤᠳ ᠰᠢᠩᠰᠢᠨ ᠤᠢ᠌ᠷᠠᠳᠤᠭᠠᠤᠨ ᠪᠠᠶ᠎ᠠ ᠪᠠᠨ ᠨᠠᠭᠠᠯᠳᠤᠭᠤᠯᠤᠨ᠂ ᠥᠯᠦᠭ᠍ᠴᠢᠨ ᠤ ᠰᠡᠭᠦᠯ ᠤᠨ ᠣᠭ ᠢ ᠥᠨᠦᠷᠯᠡᠭᠡᠳ᠂ ᠬᠤᠶᠠᠷ ᠭᠤᠶᠠ ᠪᠠᠷ ᠵᠤᠭᠰᠤᠨ ᠥᠯᠦᠭ᠍ᠴᠢᠨ ᠤ ᠨᠢᠷᠤᠭᠤᠨ ᠳᠤ ᠳᠠᠪ ᠭᠢᠵᠤ ᠮᠤᠷᠳᠠᠭᠠᠤᠨ᠂ ᠳᠤᠤᠷᠯᠤᠯᠳᠤᠵᠤ ᠭᠠᠷᠤᠯ᠎ᠠ᠃ ᠨᠤᠬᠠᠢ ᠭᠡᠳᠡᠭ᠌ ᠠᠮᠢᠳᠠᠨ ᠳᠤ ᠰᠤᠶᠤᠯ ᠪᠣᠯᠪᠠᠰᠤᠷᠠᠯ ᠪᠠᠢ᠌ᠬᠤ ᠦᠭᠡᠶ᠂ ᠨᠢᠭᠤᠷ ᠪᠣᠬᠤᠷ ᠭᠡᠵᠤ ᠢᠯᠭᠠᠭ᠎ᠠ ᠦᠭᠡᠶ᠃ ᠳᠡᠭᠦᠨ ᠢ ᠰᠢᠭᠦᠮᠵᠢᠯᠡᠭᠦ ᠠᠷᠭ᠎ᠠ ᠪᠠᠢ᠌ᠬᠤ ᠦᠭᠡᠶ᠃

ᠰᠤᠶᠤᠯ ᠪᠣᠯᠪᠠᠰᠤᠷᠠᠯ ᠭᠦᠷᠳᠡᠭ᠍ᠰᠡᠨ ᠡᠷᠭᠢᠮ ᠭᠦᠡᠳᠤ ᠲᠡᠶ ᠰᠠᠮᠪᠠᠭ᠎ᠠ ᠭᠡᠦᠭᠡᠨ ᠠᠷᠭ᠎ᠠ ᠪᠣᠰᠤ᠂ ᠨᠢᠭᠤᠷ ᠶᠢᠡᠨ ᠪᠣᠷᠤᠭᠤᠯᠠᠨ ᠪᠠᠢ᠌ᠪᠠ᠃ ᠡᠨᠡ ᠦᠶ᠎ᠡ ᠳᠤ ᠥᠯᠦᠭ᠍ᠴᠢᠨ ᠨᠤᠬᠠᠢ ᠶᠢᠨ ᠡᠵᠡᠨ᠃ ᠨᠢᠭᠡ ᠵᠠᠯᠠᠭᠤ ᠡᠷ᠎ᠡ ᠨᠤᠬᠠᠢ ᠪᠠᠨ ᠡᠷᠢᠵᠤ᠂ ᠰᠢᠭᠤᠢ ᠡᠴᠠ ᠭᠠᠷᠴᠤ ᠢᠷᠠᠨ᠎ᠡ᠃ ᠶᠠᠭᠠᠭᠢᠭᠰᠠᠨ ᠭᠤᠶᠤ ᠵᠠᠯᠠᠭᠤ ᠶᠤᠮ ᠳ᠋ᠠ᠂ ᠪᠠᠶ᠎ᠠ ᠪᠢᠯᠳᠠᠷ ᠲᠡᠶ᠂ ᠵᠠᠩᠵᠤᠨ ᠭᠦᠮᠤᠨ ᠤ ᠳᠦᠷᠢ ᠲᠡᠶ᠃ ᠳᠡᠭᠦᠨ ᠢ ᠥᠵᠡᠭᠡᠳ ᠰᠠᠮᠪᠠᠭ᠎ᠠ ᠶᠡᠭᠡᠯ᠎ᠡ ᠰᠤᠨᠢᠷᠬᠠᠵᠤ᠂ 《ᠡᠨᠡ ᠴᠢᠨᠢ ᠭᠡᠦᠭᠡᠨ ᠭᠦᠮᠤᠨ ᠤ ᠵᠡᠭᠦᠳᠤᠨ ᠳᠤ ᠣᠷᠤᠮᠠᠷ ᠵᠠᠯᠠᠭᠤ ᠪᠠᠢ᠌ᠨ᠎ᠠ ᠳ᠋ᠠ》 ᠭᠡᠵᠤ ᠪᠣᠳᠤᠨ᠎ᠠ᠃ ᠡᠨᠡ ᠵᠠᠯᠠᠭᠤ ᠮᠦᠨ ᠰᠠᠮᠪᠠᠭ᠎ᠠ ᠶᠢ ᠥᠵᠡᠭᠡᠳ ᠥᠩᠭᠡ ᠵᠢᠰᠤ᠂ ᠪᠠᠶ᠎ᠠ ᠪᠠᠢ᠌ᠳᠠᠯ ᠳ᠋ᠤᠨᠢ ᠰᠡᠳᠭᠢᠯ ᠭᠦᠳᠡᠯᠵᠤ᠂ ᠤᠢ᠌ᠷᠠᠳᠤᠨ ᠣᠴᠢᠪᠠᠯ᠂ ᠨᠡᠭᠡᠷᠡᠨ ᠰᠡᠳᠭᠢᠯ ᠳᠤ ᠳᠤᠭᠤᠭᠳᠠᠮᠠᠷ ᠭᠡᠦᠭᠡᠨ ᠪᠠᠢ᠌ᠨ᠎ᠠ᠃ ᠣᠳᠠ ᠶᠢᠨ ᠨᠠᠪᠴᠢᠨ ᠭᠦᠮᠦᠰᠭᠡ ᠳᠤ ᠨᠢ ᠣᠬᠠᠭᠠᠨ ᠰᠠᠨᠠᠭ᠎ᠠ ᠨᠢ ᠢᠯᠡᠷᠡᠭᠡᠳ᠂ ᠦᠵᠦᠮ᠎ᠠ ᠶᠢᠨ ᠬᠠᠷ᠎ᠠ ᠨᠢᠳᠤᠨ ᠳ᠋ᠤᠨᠢ ᠬᠠᠢ᠌ᠷ᠎ᠠ ᠳᠤᠷᠠᠯᠠᠯ ᠤᠨ ᠢᠯᠴᠢ ᠪᠠᠳᠠᠷᠠᠨ᠎ᠠ᠃ ᠬᠤᠶᠠᠷ ᠭᠦᠮᠤᠨ ᠤ ᠨᠢᠳᠤ ᠬᠠᠷᠭᠤᠵᠤ᠂ ᠰᠡᠳᠭᠢᠯ ᠨᠠᠢ᠌ᠯᠠᠨ ᠭᠡᠯᠡᠯᠴᠡᠭᠦ ᠳᠤᠳᠤᠮ ᠳᠤᠳᠤᠨᠤ ᠪᠣᠯᠤᠭᠠᠤᠨ᠂ ᠭᠠᠷ ᠬᠤᠯᠪᠤᠨ ᠣᠢ ᠳᠠᠰᠢ ᠶᠠᠪᠣᠯ᠎ᠠ᠃

ᠭᠡᠦᠭᠡᠨ ᠤ ᠭᠤᠴᠢᠭ ᠪᠣᠯᠤᠭᠰᠠᠨ ᠳᠠᠢ᠌ᠭ᠎ᠠ ᠨᠤᠬᠠᠢ ᠶᠠᠭᠤ ᠶᠢ ᠡ᠊ᠨᠳᠡᠭᠦ ᠪᠣᠢ ︕ ᠡᠵᠡᠨ ᠶᠢᠡᠨ ᠰᠠᠭᠢᠵᠤ ᠪᠠᠢ᠌ᠭᠰᠠᠭᠠᠷ ᠠᠯᠳᠠᠵᠤ ᠶᠠᠪᠣᠭᠤᠯᠤᠭᠰᠠᠨ ᠳᠠᠭᠠᠨ ᠬᠠᠷᠠᠮᠰᠠᠵᠤ᠂ ᠥᠯᠦᠭ᠍ᠴᠢᠨ ᠤ ᠨᠢᠷᠤᠭᠤᠨ ᠡᠴᠠ ᠦᠰᠤᠷᠤᠨ ᠪᠠᠭᠤᠵᠤ ᠴᠢᠭᠢ ᠭᠤᠷᠣᠢ᠌ᠯᠭᠠᠨ ᠴᠢᠩᠨᠠᠵᠤ᠂ ᠬᠠᠮᠠᠷ ᠰᠡᠷᠳᠡᠢ᠌ᠯᠭᠡᠨ ᠥᠨᠦᠷᠯᠡᠭᠡᠳ᠂ ᠡᠵᠡᠨ ᠤ ᠪᠠᠨ ᠬᠠᠮᠢᠭ᠎ᠠ ᠪᠠᠢ᠌ᠭ᠎ᠠ ᠶᠢ ᠮᠡᠳᠡᠭᠡᠳ ᠬᠠᠠᠳᠤᠭᠰᠠᠨ ᠵᠥᠭ᠌ ᠲᠤ ᠭᠦᠶ‍ᠦᠪᠡ᠃ ᠣᠢ ᠳᠤ ᠣᠷᠤᠭᠠᠤᠨ ᠯᠠᠪᠯᠠᠨ ᠦᠵᠡᠪᠠᠯ ᠡᠵᠡᠨ ᠢ ᠨᠢ ᠨᠢᠭᠡ ᠵᠠᠯᠠᠭᠤ ᠳᠠᠪᠠᠷᠢᠨ ᠦᠨᠦᠰᠴᠤ ᠪᠠᠢ᠌ᠯ᠎ᠠ᠃ ᠡᠨᠡ ᠣᠳᠤ ᠭᠡᠷᠡᠭ᠌ ᠪᠣᠯᠵᠠᠢ ᠭᠡᠵᠤ ᠪᠣᠳᠤᠭᠠᠤᠨ ᠳᠠᠢ᠌ᠭ᠎ᠠ ᠨᠤᠬᠠᠢ ᠭᠦᠢ ᠪᠠᠢ᠌ᠵᠠ ᠶᠢ ᠭᠦᠯᠢᠶᠡᠭᠦ ᠦᠭᠡᠶ᠂ ᠳᠠᠷᠠ ᠡᠷ᠎ᠡ ᠶᠢᠨ ᠵᠠᠭᠠᠮ᠎ᠠ ᠡᠴᠠ ᠬᠠᠵᠠᠵᠤ᠂ ᠳᠤᠭᠳᠤᠷᠤᠭᠠᠤᠨ᠂ ᠡᠵᠡᠨ ᠶᠢᠡᠨ ᠠᠪᠣᠷᠠᠪᠠ᠃

ᠬᠠᠢ᠌ᠷ᠎ᠠ ᠳᠤᠷᠠᠯᠠᠯ ᠤᠨ ᠭᠦᠴᠤᠨ ᠷᠢᠳᠢ ᠰᠢᠳᠢ ᠲᠡᠶ ᠭᠡᠳᠡᠭ᠌ ᠶᠢᠡᠷ ᠳᠠᠢ᠌ᠭ᠎ᠠ ᠨᠤᠬᠠᠢ ᠶᠢᠨ ᠬᠠᠮᠠᠭᠠᠯᠠᠯ ᠭᠡᠴᠡᠭᠦᠤ ᠪᠣᠯᠪᠠᠴᠤ ᠬᠤᠶᠠᠷ ᠵᠠᠯᠠᠭᠤ ᠭᠡᠳᠤᠨ ᠣᠳᠠᠭᠠᠨ ᠤ ᠨᠤᠬᠠᠢ ᠳᠤᠭᠤᠷᠢᠭᠤᠯᠬᠤ ᠣᠴᠠᠷᠠᠯᠳᠠ ᠪᠠᠷ ᠨᠢᠭᠡᠨ ᠨᠢᠭᠡᠨ ᠶᠢᠡᠨ ᠭᠦᠨ᠎ᠡ ᠣᠢ᠌ᠯᠠᠭᠠᠯᠴᠠᠵᠤ᠂ ᠰᠡᠳᠭᠢᠯ ᠨᠠᠢ᠌ᠴᠠᠵᠤ᠂ ᠢᠨᠠᠭ ᠳᠤᠷᠠᠯᠠᠯ ᠤᠨ ᠠᠮᠳᠠᠨ ᠳᠤ ᠣᠷᠤᠯ᠎ᠠ᠃ ᠨᠤᠬᠠᠢ ᠳᠤ ᠮᠠᠭᠤ ᠥᠵᠡᠭ᠍ᠳᠡᠭ᠍ᠰᠡᠨ ᠴᠤ ᠡᠨᠡ ᠵᠠᠯᠠᠭᠤ ᠪᠣᠯ ᠰᠠᠢ᠌ᠨ ᠭᠦᠮᠤᠨ ᠳᠤ ᠳᠤᠭᠠᠴᠠᠭᠳᠠᠨ᠎ᠠ᠃ ᠢᠨᠠᠭ ᠬᠠᠢ᠌ᠷ᠎ᠠ ᠪᠠᠨ ᠪᠦᠭᠦᠨ ᠢ ᠰᠠᠮᠪᠠᠭ᠎ᠠ ᠳᠤ ᠳᠤᠰᠢᠶᠠᠨ᠎ᠠ ᠭᠡᠵᠤ ᠪᠣᠳᠤᠭᠠᠤᠨ ᠥᠯᠦᠭ᠍ᠴᠢᠨ ᠶᠢᠡᠨ ᠪᠣᠰᠤᠳ ᠲᠤ ᠥᠭ᠍ᠴᠡᠢ᠃ ᠳᠡᠭᠡᠭᠡᠳ ᠭᠠᠭᠴᠠ ᠰᠡᠳᠭᠢᠯ ᠶᠢᠡᠷ ᠢᠨᠠᠭ ᠤᠨ ᠭᠦᠮᠤᠨ ᠳᠡᠭᠡᠨ ᠬᠠᠮᠵᠢᠵᠤ ᠳᠠᠢ᠌ᠭ᠎ᠠ ᠨᠤᠬᠠᠢ ᠶᠢ ᠨᠢ ᠠᠰᠠᠷᠠᠨ ᠳᠡᠵᠢᠭᠡᠵᠤ ᠭᠠᠮᠨᠠᠯ᠎ᠠ᠃ ᠪᠠᠢ᠌ᠨ ᠪᠠᠢ᠌ᠨ ᠦᠰᠤ ᠶᠢ ᠨᠢ ᠢᠯᠢᠵᠤ᠂ ᠰᠠᠢ᠌ᠨ ᠥᠭᠡ ᠪᠠᠷ ᠮᠠᠭᠳᠠᠵᠤ᠂ ᠪᠠᠰᠠ ᠨᠢᠭᠡ ᠭᠡᠰᠡᠭ᠌ ᠡᠯᠢᠭᠡᠨ ᠮᠢᠬ᠎ᠠ ᠶᠢ ᠬᠠᠶᠠᠵᠤ ᠦᠭ‍ᠭᠦᠨ᠂ ᠨᠤᠬᠠᠢ ᠶᠢ ᠨᠢ ᠪᠠᠶᠠᠷᠯᠠᠭᠤᠯᠬᠤ ᠪᠠᠷ ᠣᠷᠤᠯᠳᠤᠪᠠ᠃ ᠭᠡᠳᠡᠯ᠎ᠡ ᠡᠨᠡ ᠳᠠᠢ᠌ᠭ᠎ᠠ ᠨᠤᠬᠠᠢ ᠭᠦᠮᠤᠨ ᠤ ᠰᠠᠢ᠌ᠨ ᠮᠠᠭᠤ ᠶᠢ ᠢᠯᠭᠠᠵᠤ ᠴᠢᠳᠠᠬᠤ ᠦᠭᠡᠶ᠃ ᠶᠠᠷᠤ ᠨᠢ ᠡᠨᠡ ᠡᠷᠡᠭ᠍ᠳᠡᠢ ᠶᠢ ᠮᠠᠭᠤ ᠨᠢᠳᠤ ᠪᠠᠷ ᠬᠠᠷᠠᠵᠤ᠂ ᠡᠵᠡᠨ ᠶᠢᠡᠨ ᠬᠠᠮᠠᠭᠠᠯᠠᠬᠤ ᠶᠢ ᠴᠠᠭ ᠦᠷᠭᠦᠯᠵᠢ ᠭᠢᠴᠢᠶᠠᠨ᠎ᠡ᠃ ᠡᠨᠡ ᠡᠷ᠎ᠡ ᠶᠢᠨ ᠣᠴᠢᠷ ᠡᠴᠠ ᠡᠵᠡᠨ ᠨᠢ ᠪᠠᠶ᠎ᠠ ᠡᠴᠠ ᠵᠠᠢ᠌ᠳᠠᠬᠤ ᠡᠴᠠ ᠠᠶᠤᠵᠤ᠂ ᠡᠨᠡ ᠡᠷ᠎ᠡ ᠳᠤ ᠬᠤᠷᠤᠰᠤᠨ᠎ᠠ᠃ ᠭᠡᠵᠢᠶ᠎ᠡ ᠣᠴᠠᠷᠠᠭᠰᠠᠨ ᠴᠤ ᠬᠠᠮᠠᠷ ᠶᠢᠡᠷ ᠬᠠᠷᠭᠢᠷᠠᠵᠤ᠂ ᠠᠮᠠ ᠠᠩᠭ᠋ᠠᠢ᠌ᠨ 《ᠬᠤᠪ ᠬᠤᠪ》 ᠬᠤᠴᠠᠭᠠᠤᠨ 《ᠦᠩᠭᠦᠷᠢᠳᠦ ︕》 《ᠴᠠᠰᠢ ᠨᠢ ᠵᠠᠢ᠌ᠯ ︕》 ᠭᠡᠰᠡᠨ ᠰᠠᠨᠠᠭ᠎ᠠ ᠪᠠᠨ ᠢᠯᠡᠳᠭᠡᠨ᠎ᠡ᠃

ᠨᠤᠬᠠᠢ ᠬᠤᠴᠠᠬᠤ ᠪᠠᠷ ᠶᠢᠡᠨ ᠬᠤᠴᠠᠭ᠂ ᠳᠡᠮᠡᠭᠡ ᠶᠠᠪᠣᠬᠤ ᠪᠠᠷ ᠶᠢᠡᠨ ᠶᠠᠪᠣᠨ᠎ᠠ ᠭᠡᠭ᠍ᠴᠢ ᠪᠠᠷ ᠡᠨᠡ ᠬᠤᠶᠠᠷ ᠵᠠᠯᠠᠭᠤ ᠬᠠᠢ᠌ᠷ᠎ᠠ ᠳᠤᠷᠠᠯᠠᠯ ᠤᠨ ᠭᠦᠴᠤᠨ ᠳᠤ ᠠᠪᠳᠠᠭᠠᠤᠨ ᠨᠢᠭᠡ ᠭᠡᠷ ᠪᠣᠯᠵᠤ ᠠᠮᠢᠳᠤᠷᠠᠪᠠ᠃ ᠳᠠᠳᠠᠨ ᠤ ᠠᠮᠢᠳᠤᠷᠠᠯ ᠳᠤ ᠠᠮᠳᠠ ᠰᠢᠮ᠎ᠠ ᠨᠡᠮᠡᠭ᠍ᠳᠡᠭᠰᠡᠭᠡᠷ ᠢᠷᠡᠭᠦ ᠳᠤ ᠡᠵᠡᠨ ᠨᠢ ᠨᠤᠬᠠᠢ ᠪᠠᠨ ᠬᠠᠢ᠌ᠷᠠᠯᠠᠬᠤ ᠵᠠᠪ ᠦᠭᠡᠶ ᠪᠣᠯᠵᠠᠢ᠃

ᠳᠠᠢ᠌ᠭ᠎ᠠ ᠨᠤᠬᠠᠢ ᠨᠢ ᠡᠵᠡᠨ ᠳᠡᠭᠡᠨ ᠭᠤᠮᠤᠳᠠᠬᠤ ᠶᠢᠨ ᠶᠡᠭᠡ ᠪᠠᠷ ᠭᠤᠮᠤᠳᠠᠵᠤ᠂ ᠪᠠᠢ᠌ᠨ ᠪᠠᠢ᠌ᠨ ᠴᠢᠨ᠋ᠸ᠎ᠠ ᠶᠢᠨ ᠳᠠᠭᠤᠨ ᠶᠢᠡᠷ ᠣᠯᠢᠨ᠎ᠠ᠃ ᠪᠠᠰᠠ ᠢᠳᠡᠭᠦ ᠦᠭᠡᠶ᠂ ᠣᠤᠭᠤᠬᠤ ᠦᠭᠡᠶ᠂ ᠡᠮ ᠴᠤ ᠣᠤᠭᠤᠬᠤ ᠦᠭᠡᠶ᠂ ᠥᠭᠦᠭᠦ ᠪᠠᠨ ᠭᠦᠯᠢᠶᠡᠯ᠎ᠡ᠃ ᠰᠠᠮᠪᠠᠭ᠎ᠠ ᠰᠠᠠᠳᠤᠷᠴᠤ᠂ ᠨᠤᠬᠠᠢ ᠪᠠᠨ ᠠᠷᠭᠠᠳᠠᠵᠤ᠂ ᠡᠯᠢᠭᠡᠨ ᠳᠡᠭᠡᠨ ᠳᠠᠪᠠᠷᠢᠨ᠂ ᠦᠰᠤ ᠶᠢ ᠨᠢ ᠢᠯᠢᠵᠤ᠂ ᠡᠷᠡᠤ ᠶᠢ ᠨᠢ ᠦᠨᠦᠰᠴᠤ᠂ ᠥᠯᠢᠭᠡᠷ ᠭᠡᠯᠡᠵᠤ ᠳᠠᠭᠤᠤ ᠳᠠᠭᠤᠯᠠᠨ ᠰᠤᠨᠤᠰᠬᠠᠵᠠᠢ᠃ ᠬᠠᠴᠠᠷ ᠶᠢᠡᠨ ᠨᠤᠬᠠᠢ ᠶᠢᠨ ᠬᠠᠴᠠᠷ ᠲᠤ ᠨᠠᠭᠠᠵᠤ᠄

᠊᠊᠊᠊᠊᠊᠊᠊᠊᠊᠊᠊᠊᠊᠊ ᠭᠤᠯᠤᠤ ᠮᠢᠨᠢ᠂ ᠪᠣᠤ ᠭᠤᠮᠤᠳᠠ ︕ ᠭᠡᠨ᠎ᠡ᠃

ᠳᠠᠢ᠌ᠭ᠎ᠠ ᠨᠤᠬᠠᠢ ᠨᠢ ᠥᠭᠡ ᠭᠡᠯᠡᠵᠤ ᠴᠢᠳᠠᠬᠤ ᠦᠭᠡᠶ ᠴᠤ ᠭᠦᠮᠤᠨ ᠤ ᠮᠡᠳᠡᠭᠡ ᠲᠡᠶ ᠳᠤᠯᠠ ᠡᠵᠡᠨ ᠤ ᠪᠠᠨ ᠰᠠᠨᠠᠯ ᠢ ᠮᠡᠳᠡᠭᠡᠳ ᠰᠡᠭᠦᠯ ᠰᠢᠷᠪᠠᠯᠵᠠᠭᠤᠯᠤᠨ ᠭᠡᠯᠡ ᠪᠠᠷ ᠶᠢᠡᠨ ᠳᠤᠯᠢᠶᠠᠨ᠎ᠠ᠃ ᠬᠠᠵᠠᠭᠤ ᠳ᠋ᠤᠨᠢ ᠪᠠᠢ᠌ᠭᠰᠠᠨ ᠡᠷᠡᠭ᠍ᠳᠡᠢ ᠨᠢ ᠡᠨᠡ ᠪᠠᠢ᠌ᠳᠠᠯ ᠢ ᠥᠵᠡᠭᠡᠳ ᠳᠤᠷ᠎ᠠ ᠠᠯᠳᠠᠷᠠᠨ᠂ ᠣᠷᠤᠨ ᠡᠴᠠ ᠪᠠᠨ ᠪᠣᠰᠴᠤ ᠴᠠᠭ ᠡᠴᠠ ᠡᠮᠤᠨ᠎ᠡ ᠠᠵᠢᠯ ᠳᠠᠭᠠᠨ ᠣᠴᠢᠪᠠ᠃ ᠣᠷᠤᠭᠤ ᠳᠠᠭᠠᠷᠠᠭᠠᠤᠨ ᠮᠠᠭᠤ ᠭᠤᠳᠤᠯ ᠴᠢᠷᠦᠭ᠍ᠰᠡᠨ ᠰᠢᠭ᠌᠂ ᠬᠠᠮᠢᠭ᠎ᠠ ᠭᠦᠷᠦᠭ᠍ᠰᠡᠨ ᠴᠤ ᠰᠠᠨᠠᠭᠠᠨ ᠳᠤ ᠵᠤᠭᠢᠴᠠᠬᠤ ᠦᠭᠡᠶ᠃ ᠬᠠᠮᠳᠤ ᠨᠥᠭᠦᠤᠨ ᠨᠢ ᠵᠢᠭ᠍ᠳᠡᠢ ᠬᠠᠷᠠᠴᠠ ᠪᠠᠷ ᠦᠵᠡᠵᠤ᠂ ᠳᠡᠭᠦᠨ ᠤ ᠳᠤᠬᠠᠢ ᠰᠢᠪᠠᠷ ᠢᠪᠢᠷ ᠭᠡᠯᠡᠯᠴᠡᠨ᠎ᠡ᠃ ᠵᠠᠷᠢᠮ ᠨᠢ ᠵᠤᠷᠢᠭᠤᠳᠠ ᠱᠤᠭ ᠭᠠᠷᠭᠠᠵᠤ᠂ ᠡᠮ᠎ᠡ ᠳᠡᠭᠡᠨ ᠭᠤᠯᠤᠭᠳᠠᠭᠰᠠᠨ ᠭᠦᠮᠤᠨ ᠤ ᠡᠷᠡᠤ ᠨᠢ ᠬᠠᠵᠠᠭᠠᠢ ᠭᠡᠨ᠎ᠡ᠃ ᠵᠠᠷᠢᠮ ᠨᠢ ᠳᠡᠭᠦᠨ ᠤ ᠮᠠᠯᠠᠭᠠᠢ ᠳᠡᠭᠡᠷ᠎ᠡ ᠨᠤᠭᠤᠭᠠᠨ ᠨᠠᠪᠴᠢ ᠬᠠᠶᠠᠭᠠᠤᠨ᠂ ᠠᠮᠠ ᠪᠢᠳᠡᠭᠦᠯᠤᠨ᠄

᠊᠊᠊᠊᠊᠊᠊᠊᠊᠊᠊᠊᠊᠊᠊᠊᠊᠊᠊᠊᠊ ᠶᠠᠰᠤᠳᠤ ᠮᠡᠯᠡᠭᠡᠢ ᠶᠠᠮᠠᠷ ᠢ ᠮᠠᠳᠠᠭᠦ ᠭᠡᠵᠤ ᠳᠡᠭᠦᠨ ᠡᠴᠠ ᠠᠰᠠᠭᠤᠨ᠎ᠠ᠃ ᠡᠨᠡ ᠵᠠᠯᠠᠭᠤ ᠰᠢᠷᠪᠠᠭᠡᠳᠦᠭᠡᠳ ᠠᠷᠭ᠎ᠠ ᠦᠭᠡᠶ ᠪᠣᠯᠵᠤ᠂ ᠭᠠᠵᠠᠷ ᠭᠠᠪᠠ ᠪᠠᠢ᠌ᠪᠠᠯ ᠰᠢᠷᠭᠤᠵᠤ ᠣᠷᠤᠬᠤ ᠶᠢ ᠰᠠᠨᠠᠨ᠎ᠠ᠃ ᠴᠡᠭᠡᠵᠢ ᠳᠦᠭᠦᠷᠡᠩ ᠭᠡᠢ ᠭᠦᠷᠦᠭᠡᠳ ᠭᠡᠷ ᠳᠠᠰᠢ ᠪᠠᠨ ᠠᠯᠬᠤᠵᠤ᠂ ᠣᠴᠢᠷ ᠢ ᠨᠢ ᠣᠬᠤᠴᠢᠯᠠᠨ ᠠᠰᠠᠭᠤᠶ᠎ᠠ ᠭᠡᠳ ᠡᠭᠦᠳᠡᠨ ᠭᠠᠳᠠᠨ᠎ᠠ ᠭᠦᠷᠭᠦ ᠳᠤ ᠭᠡᠷ ᠳᠤᠳᠤᠷ᠎ᠠ ᠡᠴᠠ᠄

᠊᠊᠊᠊᠊᠊᠊᠊᠊᠊᠊᠊᠊᠊᠊ ᠬᠤᠩᠭ᠋ᠤᠷ ᠮᠢᠨᠢ ᠣᠷᠤᠵᠤ ᠢᠷᠡᠭᠡᠷᠡᠢ ︕ ᠭᠡᠵᠤ ᠳᠠᠭᠤᠳᠠᠭᠰᠠᠨ ᠳᠤ ᠳᠠᠢ᠌ᠭ᠎ᠠ ᠨᠤᠬᠠᠢ ᠨᠢ ᠵᠠᠪᠳᠤᠨ ᠣᠷᠢᠳᠠᠪᠠᠷ ᠭᠡᠷ ᠲᠤ ᠣᠷᠤᠭᠠᠤᠨ ᠰᠡᠭᠦᠯ ᠶᠢᠡᠨ ᠰᠢᠷᠪᠠᠯᠵᠠᠭᠤᠯᠤᠨ᠎ᠠ᠃ ᠵᠠ᠂ ᠣᠴᠢᠷ ᠢ ᠨᠢ ᠣᠬᠠᠵᠤ ᠡᠨᠡ ᠵᠠᠯᠠᠭᠤ ᠥᠭᠡ ᠳᠠᠭᠠᠤ ᠦᠭᠡᠶ᠂ ᠪᠠᠶ᠎ᠠ ᠡᠷᠭᠢᠵᠤ ᠭᠠᠷᠴᠤ ᠶᠠᠪᠣᠪᠠ᠃ ᠡᠨᠡ ᠪᠠᠢ᠌ᠳᠠᠯ ᠳᠤ ᠰᠠᠮᠪᠠᠭ᠎ᠠ ᠠᠮᠠ ᠪᠠᠢ᠌ᠭᠠᠤᠨ ᠭᠡᠯᠡᠵᠤ ᠴᠢᠳᠠᠬᠤ ᠦᠭᠡᠶ᠂ ᠣᠷᠤᠭ ᠰᠠᠯᠠᠬᠤ ᠶᠢ ᠨᠢ ᠵᠦᠪᠰᠢᠶᠠᠷᠠᠪᠠ᠃

᠁ ᠁

ᠬᠠᠨᠢ ᠪᠣᠯᠤᠭᠰᠠᠨ ᠢᠨᠠᠭ ᠳᠤᠷᠠᠯᠠᠯ ᠨᠢ ᠰᠠᠯᠵᠤ ᠶᠠᠪᠣᠭᠰᠠᠨ ᠪᠣᠯᠪᠠᠴᠤ᠂ ᠰᠠᠮᠪᠠᠭ᠎ᠠ ᠭᠠᠨᠢ ᠭᠠᠭᠴᠠᠭᠠᠷ ᠪᠣᠯᠤᠭᠰᠠᠨ ᠦᠭᠡᠶ᠃ ᠬᠠᠢ᠌ᠷᠠᠳᠠᠢ ᠠᠮᠢᠳᠠᠨ ᠶᠢᠡᠨ ᠪᠦᠦᠪᠠᠢ ᠪᠣᠯᠭᠠᠵᠤ᠂ ᠢᠳᠠᠵᠤ ᠣᠤᠭᠤᠬᠤ ᠶᠢ ᠨᠢ ᠳᠡᠩᠨᠡᠭᠦᠯᠤᠨ ᠶᠠᠭᠠᠷᠠᠨ᠎ᠠ᠃ ᠨᠤᠬᠠᠢ ᠨᠢ ᠪᠠᠩᠰᠢ ᠪᠣᠤᠵᠠ ᠳᠤ ᠳᠤᠷᠠᠯᠠᠬᠤ ᠦᠭᠡᠶ ᠳᠤ ᠳᠤᠷᠠᠯᠠᠬᠤ ᠦᠭᠡᠶ᠂ ᠳᠠᠩᠳᠠ ᠪᠠᠨ ᠭᠦᠮᠤᠨ ᠤ ᠪᠠᠭᠠᠰᠤ ᠶᠢ ᠵᠠᠭᠤᠵᠤ ᠠᠴᠠᠷᠠᠭᠠᠤᠨ ᠭᠡᠮᠡᠯᠢᠨ᠎ᠡ᠃

ᠡᠨᠡ ᠣᠴᠢᠷ ᠲᠤ ᠰᠠᠮᠪᠠᠭ᠎ᠠ ᠳᠤᠷ᠎ᠠ ᠥᠭᠡᠢ᠌ᠴᠡᠵᠤ᠂ ᠨᠤᠬᠠᠢ ᠶᠢᠨ ᠪᠦᠭ᠍ᠰᠡ ᠶᠢ ᠠᠯᠭᠠᠳᠠᠨ᠄

᠊᠊᠊᠊᠊᠊᠊᠊᠊᠊᠊᠊᠊᠊᠊ ᠳᠤᠮᠤᠭ᠎ᠠ ᠦᠭᠡᠶ ᠠᠮᠢᠳᠠᠨ ᠭᠡᠨ᠎ᠡ᠃

᠊᠊᠊᠊᠊᠊᠊᠊᠊᠊᠊᠊᠊᠊᠊ ᠰᠤᠨᠤᠰᠤᠭᠠᠴᠢ ᠪᠢ ᠥᠯᠢᠭᠡᠷ ᠭᠡᠯᠡᠵᠤ ᠦᠭ‍ᠭᠦᠶ᠎ᠡ ᠭᠡᠳ ᠥᠵᠡᠭ᠍ᠰᠡᠨ ᠰᠤᠨᠤᠰᠤᠭᠰᠠᠨ ᠡᠯᠳᠡᠪ ᠰᠤᠨᠢᠨ ᠢ ᠶᠠᠷᠢᠵᠤ ᠰᠡᠳᠭᠢᠯ ᠶᠢᠡᠨ ᠰᠡᠷᠭᠦᠭᠡᠨ᠎ᠡ᠃ ᠨᠤᠬᠠᠢ ᠶᠢᠨ ᠶᠢᠡᠨ ᠭᠦᠵᠦᠭᠦᠤ ᠶᠢ ᠢᠯᠢᠵᠤ ᠭᠡᠯᠡᠭ᠍ᠰᠡᠨ ᠨᠢ᠄

᠊᠊᠊᠊᠊᠊᠊᠊᠊᠊᠊᠊᠊᠊᠊ ᠨᠤᠬᠠᠢ ᠶᠢ ᠪᠣᠤ ᠮᠠᠭᠤᠯᠠ ︕ ᠵᠠᠷᠢᠮ ᠭᠦᠮᠤᠨ ᠨᠤᠬᠠᠢ ᠶᠢ ᠭᠦᠷᠭᠦ ᠦᠭᠡᠶ᠃

᠊᠊᠊᠊᠊᠊᠊᠊᠊᠊᠊᠊᠊᠊᠊ ᠨᠤᠬᠠᠢ ᠪᠠᠰᠠ ᠠᠮᠢ ᠰᠢᠤ᠂ ᠪᠠᠭᠤᠷᠠᠢ ᠡᠳᠡᠭᠡᠳ ᠢ ᠪᠢᠳᠠ ᠭᠦᠭᠡᠷᠦᠭᠦᠢᠯᠡᠪᠠᠯ ᠵᠤᠭᠢᠨ᠎ᠠ ᠁ ᠭᠡᠵᠤ ᠨᠤᠷᠱᠤᠨ ᠶᠠᠷᠢᠨ᠎ᠠ᠃ ᠳᠠᠪᠠᠷᠢᠵᠤ ᠪᠠᠢ᠌ᠭ᠎ᠠ ᠨᠤᠬᠠᠢ ᠨᠢ ᠣᠢ᠌ᠯᠠᠭᠠᠭᠰᠠᠨ ᠰᠢᠭ ᠶᠢᠡᠷ ᠳᠤᠯᠤᠭᠠᠢ ᠳᠤᠩᠬᠤᠯᠵᠠᠭᠤᠯᠤᠨ ᠭᠡᠯᠡ ᠰᠤᠩᠭ᠋ᠠᠵᠤ ᠡᠵᠡᠨ ᠤ ᠪᠠᠨ ᠣᠷᠤᠭᠤᠯ ᠢ ᠦᠨᠦᠰᠤᠨ᠎ᠡ᠃

ᠡᠪᠦᠯ ᠤᠨ ᠭᠦᠢᠳᠡᠨ ᠳᠤ ᠭᠡᠭᠡᠷ᠎ᠡ ᠣᠴᠢᠵᠤ ᠨᠤᠬᠠᠢ ᠳᠤᠭᠤᠷᠢᠭᠤᠯᠬᠤ ᠳᠤ ᠳᠠᠭᠠᠷᠠᠵᠤ ᠳᠠᠭᠰᠢᠭᠤᠷ ᠪᠣᠯᠬᠤ ᠡᠴᠠ ᠰᠡᠷᠭᠡᠢ᠌ᠯᠡᠵᠤ᠂ ᠵᠤᠵᠠᠭᠠᠨ ᠬᠤᠸᠠᠷ ᠲᠡᠶ ᠳᠠᠪᠠᠯ ᠭᠢᠵᠤ ᠴᠡᠭᠡᠵᠢᠨ ᠪᠠᠶ᠎ᠠ ᠶᠢ ᠨᠢ ᠣᠷᠢᠶᠠᠵᠠᠢ᠃ ᠨᠤᠬᠠᠢ ᠭᠡᠳᠡᠭ᠌ ᠠᠮᠢᠳᠠᠨ ᠳᠤᠷ᠎ᠠ ᠳᠠᠪᠠ ᠪᠠᠷ ᠪᠠᠭᠠᠵᠤ ᠰᠢᠭᠡᠳᠡᠭ᠌ ᠪᠣᠯᠬᠤᠷ ᠳᠡᠭᠦᠨ ᠳᠤ ᠦᠮᠦᠳᠦ ᠭᠢᠵᠤ ᠡᠮᠦᠰᠭᠡᠭ᠍ᠰᠡᠨ ᠦᠭᠡᠶ᠂ ᠪᠠᠠᠽᠠᠯ ᠭᠢᠵᠤ ᠪᠦᠰᠡᠯᠡᠭᠦᠯᠦᠶ᠎ᠡ ᠭᠡᠰᠡᠨ ᠴᠢᠨᠢ ᠡᠷ᠎ᠡ ᠨᠤᠬᠠᠢ ᠳᠤ ᠦᠯᠦ ᠳᠤᠭᠢᠷᠠᠬᠤ ᠶᠢ ᠪᠣᠳᠤᠵᠤ᠂ ᠪᠦᠭ᠍ᠰᠡ ᠶᠢ ᠨᠢ ᠢᠯᠠ ᠪᠠᠢ᠌ᠯᠭᠠᠬᠤ ᠯᠠ ᠭᠡᠷᠡᠭ᠌ ᠲᠡᠶ ᠪᠣᠯᠵᠠᠢ᠃ ᠡᠨᠡ ᠨᠢ ᠵᠢᠭᠠᠬᠠᠨ ᠮᠠᠭᠤᠬᠠᠢ ᠪᠣᠯᠤᠭᠰᠠᠨ ᠴᠤ ᠶᠠᠭᠠᠮᠠᠢ᠂ ᠨᠤᠬᠠᠢ ᠭᠡᠳᠡᠭ᠌ ᠠᠮᠢᠳᠠᠨ ᠰᠤᠶᠤᠯ ᠦᠭᠡᠶ᠂ ᠢᠴᠢᠵᠤ ᠵᠤᠪᠠᠬᠤ ᠶᠢ ᠮᠡᠳᠡᠭᠦ ᠦᠭᠡᠶ᠂ ᠭᠦᠮᠤᠨ ᠳᠤ ᠨᠢᠭᠤᠷ ᠲᠡᠶ ᠨᠤᠬᠠᠢ ᠳᠤ ᠨᠢᠭᠤᠷ ᠦᠭᠡᠶ᠃ ᠡᠨᠡᠭᠦ ᠦᠮᠦᠳᠦ ᠦᠭᠡᠶ ᠭᠤᠴᠢᠭ᠂ ᠡᠵᠡᠨ ᠶᠢᠡᠨ ᠬᠠᠮᠠᠭᠠᠯᠠᠬᠤ ᠰᠢᠳᠤᠷᠭᠤ ᠨᠤᠬᠠᠢ ᠳᠠᠭᠠᠨ ᠡᠷᠳᠦᠵᠤ᠂ ᠰᠠᠮᠪᠠᠭ᠎ᠠ ᠶᠢᠨ ᠵᠤᠷᠢᠭ ᠪᠦᠳᠦᠭᠦᠨ ᠪᠣᠯᠵᠠᠢ᠃

ᠭᠡᠳᠡᠯ᠎ᠡ ᠨᠢᠭᠡᠨ ᠭᠡᠷᠡᠭ᠌ ᠤᠨ ᠡᠵᠡᠨ ᠵᠠᠯᠠᠭᠤ᠂ ᠨᠤᠬᠠᠢ ᠳ᠋ᠤᠨᠢ ᠨᠢᠭᠡ ᠭᠡᠰᠡᠭ᠌ ᠮᠢᠬ᠎ᠠ ᠬᠠᠶᠠᠵᠤ ᠦᠭ‍ᠭᠦᠭᠡᠳ᠂ ᠰᠡᠮᠡᠭᠡᠷ ᠤᠢ᠌ᠷᠠᠳᠴᠤ᠂ ᠴᠤᠩᠬᠤᠨ ᠭᠠᠳᠠᠨ᠎ᠠ ᠡᠴᠠ ᠴᠢᠩᠨᠠᠭᠰᠠᠨ ᠳᠤ᠂ ᠨᠤᠬᠠᠢ ᠨᠢ ᠡᠵᠡᠨ ᠤ ᠪᠠᠨ ᠭᠡᠷ ᠲᠤ ᠳᠠᠯᠪᠢᠭᠠᠤᠨ ᠣᠷᠤᠪᠠ᠃ ᠳᠡᠭᠡᠭᠡᠳ ᠵᠠᠯᠠᠭᠤ ᠴᠤᠤᠷᠬᠠᠯ ᠡᠭᠦᠰᠭᠡᠨ᠄

᠊᠊᠊᠊᠊᠊᠊᠊᠊᠊᠊᠊᠊᠊᠊ ᠪᠦᠰᠡᠭᠦᠢ ᠰᠠᠮᠪᠠᠭ᠎ᠠ ᠨᠤᠬᠠᠢ ᠲᠡᠶ ᠪᠠᠨ ᠨᠢᠭᠡᠨ ᠦᠷᠦᠭᠡᠨ ᠳᠤ ᠪᠣᠢ ᠭᠡᠵᠤ ᠳᠠᠷᠬᠠᠭᠠᠵᠠᠢ᠃ ᠡᠭᠦᠨ ᠤ ᠬᠠᠷᠢᠭᠤ ᠳᠤ ᠠᠮᠠ ᠪᠠᠢ᠌ᠭᠠᠤᠨ ᠥᠭᠡ ᠭᠡᠯᠡᠵᠤ ᠨᠡᠭᠡᠭᠡᠭᠦ ᠶᠢᠨ ᠠᠷᠭ᠎ᠠ ᠦᠭᠡᠶ ᠪᠣᠯᠪᠠ᠃

᠁ ᠁

ᠴᠤᠤᠷᠬᠠᠯ ᠤᠨ ᠢᠷᠸ᠎ᠠ ᠪᠠᠷ ᠰᠠᠮᠪᠠᠭ᠎ᠠ ᠨᠢᠭᠤᠷ ᠶᠢᠡᠨ ᠪᠠᠷᠠᠵᠤ᠂ ᠭᠡᠨ ᠳᠤ ᠴᠤ ᠳᠤᠭᠤᠭᠳᠠᠬᠤ ᠦᠭᠡᠶ ᠪᠣᠯᠤᠯ᠎ᠠ᠃ ᠵᠠᠪᠰᠢᠶᠠᠨ ᠶᠢᠡᠷ ᠡᠨᠡ ᠳᠤᠰᠬᠤᠨ ᠳᠤ ᠨᠢᠭᠡᠨ ᠭᠤᠸᠠᠩᠭ᠋ᠠᠨ ᠭᠦᠮᠤᠨ ᠳᠠᠪᠢ ᠭᠠᠷᠤᠭᠠᠤᠨ ᠡᠭᠡᠨᠡᠷ ᠣᠯᠤᠭᠰᠠᠨ ᠦᠭᠡᠶ ᠵᠤᠪᠠᠵᠤ ᠪᠠᠢ᠌ᠵᠠᠢ᠃ ᠳᠡᠭᠦᠨ ᠤ ᠡᠮᠤᠨ᠎ᠡ ᠡᠴᠠ ᠰᠠᠢ᠌ᠨ ᠰᠠᠨᠠᠭ᠎ᠠ ᠲᠡᠶ ᠭᠦᠮᠤᠨ ᠭᠡᠯᠡᠯᠴᠡᠭᠡ ᠣᠷᠤᠭᠠᠤᠨ᠂ ᠬᠤᠶᠠᠭᠤᠯᠠ ᠶᠢ ᠨᠢᠭᠡ ᠭᠡᠷ ᠪᠦᠯᠢ ᠪᠣᠯᠭᠠᠵᠠᠢ᠃

ᠬᠤᠶᠠᠷ ᠠᠮᠠ ᠭᠦᠮᠤᠨ᠂ ᠨᠤᠬᠠᠢ ᠲᠡᠶ ᠭᠤᠷᠪᠠᠭᠤᠯᠠ ᠨᠢᠭᠡᠨ ᠭᠡᠷ ᠲᠤ ᠦᠪᠡᠷ ᠦᠪᠡᠷ ᠤᠨ ᠵᠠᠩᠰᠢᠯ ᠶᠢᠡᠨ ᠪᠠᠷᠢᠮᠳᠠᠯᠠᠨ ᠠᠮᠢᠳᠤᠷᠠᠬᠤ ᠪᠣᠯᠪᠠ᠃ ᠭᠤᠸᠠᠩᠭ᠋ᠠᠨ ᠡᠷ᠎ᠡ ᠡᠨᠡ ᠳᠠᠢ᠌ᠭ᠎ᠠ ᠨᠤᠬᠠᠢ ᠶᠢ ᠨᠢ ᠳᠠᠭᠠᠯᠠᠬᠤ ᠦᠭᠡᠶ ᠵᠠᠢ᠌ᠯᠠᠵᠤ᠂ ᠭᠡᠳᠤᠨ ᠡᠳᠦᠷ ᠭᠡᠳᠤᠨ ᠰᠦᠨᠢ ᠳᠠᠷᠠᠭᠠᠯᠠᠨ ᠮᠠᠵᠢᠶᠠᠩ ᠨᠠᠭᠠᠳᠤᠭᠠᠤᠨ ᠰᠠᠭᠤᠪᠠ᠃ ᠭᠡᠨᠡᠳᠲᠡ ᠨᠢᠭᠡ ᠣᠳᠠᠭ᠎ᠠ ᠭᠡᠷ ᠲᠡᠭᠡᠨ ᠢᠷᠠᠪᠠᠯ᠂ ᠳᠠᠢ᠌ᠭ᠎ᠠ ᠨᠤᠬᠠᠢ ᠦᠰᠤ ᠪᠣᠷᠵᠠᠢ᠌ᠯᠭᠠᠨ ᠬᠤᠴᠠᠭᠠᠤᠨ᠂ ᠭᠤᠸᠠᠩᠭ᠋ᠠᠨ ᠢ ᠭᠡᠷ ᠲᠡᠭᠡᠨ ᠣᠷᠤᠭᠤᠯᠬᠤ ᠦᠭᠡᠶ᠃ ᠡᠨᠡ ᠭᠤᠸᠠᠩᠭ᠋ᠠᠨ ᠦᠯᠦ ᠳᠠᠭᠠᠰᠢᠶᠠᠨ᠂ ᠳᠤᠢ᠌ ᠲᠡᠶ ᠨᠢᠯᠪᠣᠰᠤ ᠨᠤᠬᠠᠢ ᠶᠢ ᠨᠢ ᠵᠤᠳᠤᠵᠤ ᠵᠠᠢ᠌ᠯᠠᠭᠤᠯᠪᠠ᠂ ᠳᠡᠭᠡᠭᠡᠳ ᠭᠡᠯᠡᠭ᠍ᠰᠡᠨ ᠨᠢ᠄

᠊᠊᠊᠊᠊᠊᠊᠊᠊᠊᠊᠊᠊᠊᠊ ᠳᠠᠷᠠ ᠨᠤᠬᠠᠢ ᠪᠠᠨ ᠥᠵᠡᠭᠡᠴᠢ᠂ ᠬᠨ ᠶᠠ ᠦᠭᠡᠶ ᠪᠠᠭᠠᠵᠤ ᠰᠢᠭᠡᠭᠡᠳ ᠪᠠᠢ᠌ᠨ᠎ᠠ ᠭᠡᠰᠡᠨ ᠳᠤ ᠡᠭᠡᠨᠡᠷ ᠨᠢ ᠰᠠᠮᠪᠠᠭ᠎ᠠ᠄

᠊᠊᠊᠊᠊᠊᠊᠊᠊᠊᠊᠊᠊᠊᠊ ᠵᠠ᠂ ᠪᠢ ᠴᠠᠪᠠᠷᠯᠠᠶ᠎ᠠ ᠭᠡᠨ᠎ᠡ᠃

᠊᠊᠊᠊᠊᠊᠊᠊᠊᠊᠊᠊᠊᠊᠊ ᠭᠡᠷ ᠲᠤ ᠨᠤᠬᠠᠢ ᠶᠢᠨ ᠪᠦᠭᠡᠰᠤ ᠰᠠᠮᠠᠭᠤᠷᠠᠭᠠᠤᠨ ᠪᠠᠶ᠎ᠠ ᠵᠠᠭᠠᠳᠤᠨᠠᠭᠠᠤᠨ ᠰᠦᠨᠢ ᠳᠤ ᠪᠠᠨ ᠣᠠᠳᠠᠵᠤ ᠳᠡᠢ᠌ᠯᠭᠦ ᠦᠭᠡᠶ᠁

᠊᠊᠊᠊᠊᠊᠊᠊᠊᠊᠊᠊᠊᠊᠊ ᠵᠠ᠂ ᠪᠢ ᠡᠨᠡ ᠨᠤᠬᠠᠢ ᠶᠢ ᠭᠠᠳᠠᠨ᠎ᠠ ᠭᠡᠷ ᠲᠤ ᠭᠡᠪᠳᠡᠭᠦᠯᠦᠶ᠎ᠡ ᠭᠡᠪᠡ᠃

ᠬᠤᠭᠤᠯᠠᠨ ᠤ ᠴᠠᠭ ᠲᠤ ᠡᠷ᠎ᠡ ᠡᠮ᠎ᠡ ᠬᠤᠶᠠᠭᠤᠯᠠ ᠶᠢᠨ ᠣᠪᠠᠢ ᠦᠭᠡᠶ ᠳᠤ ᠨᠤᠬᠠᠢ ᠨᠢ ᠰᠢᠷᠡᠭᠡᠨ ᠳᠡᠭᠡᠷ᠎ᠡ ᠦᠰᠤᠷᠤᠨ ᠭᠠᠷᠴᠤ ᠳᠠᠪᠠᠭ ᠲᠡᠶ ᠮᠢᠬ᠎ᠠ ᠡᠴᠠ ᠡᠮᠭᠦᠭᠡᠳ ᠠᠪᠣᠪᠠ᠃ ᠳᠡᠭᠡᠭᠡᠳ ᠪᠠᠰᠠ ᠭᠤᠸᠠᠩᠭ᠋ᠠᠨ ᠤ ᠴᠢᠷᠠᠢ ᠶᠢ ᠡᠷᠭᠢᠵᠤ ᠬᠠᠷᠠᠭᠠᠤᠨ ᠳᠤᠷ᠎ᠠ ᠥᠭᠡᠢ᠌ᠴᠡᠨ 《ᠬᠤᠸᠠᠩ᠂ ᠬᠤᠸᠠᠩ》 ᠬᠤᠴᠠᠪᠠ᠃ ᠭᠤᠸᠠᠩᠭ᠋ᠠᠨ ᠠᠪᠣᠭᠠᠢ ᠥᠵᠡᠭᠦ ᠳᠤᠳᠤᠮ ᠳᠤᠷ᠎ᠠ ᠥᠭᠡᠢ᠌ᠴᠡᠨ ᠠᠭᠤᠷᠯᠠᠭᠠᠤᠨ᠂ ᠭᠠᠷ ᠳᠠᠭᠢ ᠰᠠᠪᠬ᠎ᠠ ᠪᠠᠨ ᠫᠠᠰ ᠭᠡᠳᠡᠯ᠎ᠡ ᠰᠠᠪᠠᠭᠠᠤᠨ᠂ ᠪᠣᠭᠴᠤ ᠪᠠᠨ ᠮᠦᠷᠤᠯᠠᠨ ᠭᠠᠷᠴᠤ ᠶᠠᠪᠣᠯ᠎ᠠ᠃ ᠮᠠᠵᠢᠶᠠᠩ ᠤᠨ ᠰᠢᠷᠡᠭᠡᠨ ᠳᠡᠭᠡᠨ ᠰᠠᠭᠤᠵᠤ ᠬᠠᠭᠠᠰ ᠰᠠᠷ᠎ᠠ ᠪᠣᠯᠪᠠ᠃ ᠡᠭᠡᠨᠡᠷ ᠨᠢ ᠭᠠᠭᠴᠠᠭᠠᠷ ᠭᠡᠷ ᠲᠡᠭᠡᠨ ᠨᠤᠬᠠᠢ ᠳᠠᠭᠠᠨ ᠥᠭᠡ ᠶᠠᠷᠢᠵᠤ ᠪᠠᠶ᠎ᠠ ᠪᠠᠨ ᠰᠠᠭᠠᠳᠤᠭᠤᠯᠤᠨ ᠡᠳᠦᠷ ᠢ ᠥᠩᠭᠡᠷᠡᠭᠡᠨ᠎ᠡ᠃

᠊᠊᠊᠊᠊᠊᠊᠊᠊᠊᠊᠊᠊᠊᠊ ᠳᠠᠢ᠌ᠭ᠎ᠠ ᠳᠠᠢ᠌ᠭ᠎ᠠ᠂ ᠨᠠᠰᠢ ᠪᠠᠨ ︕ ᠭᠡᠪᠠᠯ ᠨᠤᠬᠠᠢ ᠨᠢ ᠰᠡᠭᠦᠯ ᠶᠢᠡᠨ ᠬᠤᠶᠠᠷ ᠳᠠᠰᠢ ᠰᠠᠵᠢᠨ᠂ ᠭᠦᠶᠤᠨ ᠢᠷᠡᠭᠡᠳ ᠡᠮᠤᠨ᠎ᠡ ᠨᠢ ᠣᠴᠣᠢ᠌ᠵᠤ ᠰᠠᠭᠤᠭᠠᠤᠨ ᠰᠢᠠᠵᠢᠨ᠎ᠡ᠃

᠊᠊᠊᠊᠊᠊᠊᠊᠊᠊᠊᠊᠊᠊᠊ ᠡᠵᠢ ᠪᠠᠨ ᠰᠠᠨᠠᠵᠤ ᠪᠠᠢ᠌ᠨ᠎ᠠ ᠦᠦ ︖ ᠭᠡᠰᠡᠨ ᠳᠤ ᠨᠤᠬᠠᠢ ᠨᠢ ᠠᠮᠠ ᠪᠠᠢ᠌ᠪᠠᠴᠤ ᠥᠭᠡ ᠭᠡᠯᠡᠵᠤ ᠴᠢᠳᠠᠬᠤ ᠦᠭᠡᠶ᠂ ᠬᠤᠶᠠᠷ ᠭᠦᠯ ᠶᠢᠡᠷ ᠰᠠᠭᠤᠵᠤ ᠡᠮᠤᠨ᠎ᠡ ᠬᠤᠶᠠᠷ ᠭᠦᠯ ᠶᠢᠡᠨ ᠮᠠᠩᠨᠠᠢ ᠳᠠᠰᠢ ᠡᠷᠭᠦᠨ ᠡᠷᠭᠦᠵᠤ ᠰᠠᠨᠠᠭ᠎ᠠ ᠪᠠᠨ ᠢᠯᠡᠳᠭᠡᠨ᠎ᠡ᠃

᠊᠊᠊᠊᠊᠊᠊᠊᠊᠊᠊᠊᠊᠊᠊ ᠳᠠᠢ᠌ᠭ᠎ᠠ ᠳᠠᠢ᠌ᠭ᠎ᠠ᠂ ᠱᠠᠳᠤᠰ ᠢ ᠠᠪᠣᠭᠠᠤᠨ ᠢᠷ᠎ᠠ ᠭᠡᠪᠠᠯ᠂ ᠨᠤᠬᠠᠢ ᠨᠢ ᠭᠦᠶᠤᠨ ᠣᠴᠢᠭᠠᠤᠨ ᠱᠠᠳᠤᠰ ᠤᠨ ᠰᠠᠠᠵᠢ ᠡᠴᠠ ᠵᠠᠭᠤᠵᠤ ᠡᠷᠭᠦᠨ᠂ ᠳᠡᠭᠦᠵᠢᠯᠡᠵᠤ ᠠᠪᠠᠴᠢᠷᠠᠨ᠎ᠠ᠃

ᠨᠤᠬᠠᠢ ᠨᠢ ᠳᠤᠯᠤᠭᠠᠢ ᠳᠠᠷᠤᠨ ᠭᠡᠪᠳᠡᠭᠡᠳ ᠣᠷᠮ᠎ᠠ ᠦᠭᠡᠶ ᠪᠣᠯᠬᠤ ᠳᠤ ᠰᠠᠮᠪᠠᠭ᠎ᠠ ᠳᠡᠭᠦᠨ ᠤ ᠰᠠᠨᠠᠭ᠎ᠠ ᠶᠢ ᠮᠡᠳᠡᠭᠡᠳ᠄

᠊᠊᠊᠊᠊᠊᠊᠊᠊᠊᠊᠊᠊᠊᠊ ᠵᠠ᠂ ᠪᠢ ᠮᠠᠳᠠᠯ᠎ᠠ᠂ ᠮᠠᠷᠭᠠᠰᠢ ᠴᠢᠮ᠎ᠠ ᠳᠤ ᠨᠢᠭᠡ ᠥᠯᠦᠭ᠍ᠴᠢᠨ ᠨᠤᠬᠠᠢ ᠠᠴᠠᠷᠠᠵᠤ ᠦᠭ‍ᠭᠦᠶ᠎ᠡ ᠭᠡᠪᠡ᠃ ᠨᠤᠬᠠᠢ ᠨᠢ ᠬᠤᠶᠠᠷ ᠬᠨ ᠪᠠᠷ ᠵᠤᠭᠰᠤᠵᠤ᠂ ᠡᠮᠤᠨ᠎ᠡ ᠬᠤᠶᠠᠷ ᠭᠦᠯ ᠤᠨ ᠠᠯᠠᠭ᠎ᠠ ᠶᠢ ᠨᠡᠢ᠌ᠯᠡᠭᠦᠯᠤᠨ ᠶᠤᠰᠤᠯᠠᠨ᠎ᠠ᠃

ᠬᠤᠵᠢᠮ ᠨᠢ ᠨᠤᠬᠠᠢ ᠶᠢᠨ ᠡᠵᠡᠨ ᠰᠠᠮᠪᠠᠭ᠎ᠠ ᠰᠠᠷ᠎ᠠ ᠲᠡᠶ ᠪᠣᠯᠵᠤ ᠪᠠᠶ᠎ᠠ ᠭᠦᠡᠳᠦᠷᠡᠭᠡᠳ᠂ ᠭᠦᠳᠡᠯᠭᠦ ᠳᠤᠷ᠎ᠠ ᠦᠭᠡᠶ ᠪᠣᠯᠬᠤ ᠳᠤ ᠪᠠᠨ ᠭᠠᠷ ᠥᠵᠦᠭᠦᠷ ᠤᠨ ᠠᠳᠠᠯ ᠢ ᠪᠦᠷ ᠳᠠᠢ᠌ᠭ᠎ᠠ ᠨᠢ ᠭᠦᠢᠴᠡᠳᠭᠡᠨ᠎ᠡ᠃

ᠵᠤᠷᠢᠭ ᠪᠠᠢ᠌ᠪᠠᠯ ᠪᠦᠳᠦᠭᠦ ᠦᠭᠡᠶ ᠶᠠᠪᠣᠳᠠᠯ ᠪᠠᠢ᠌ᠬᠤ ᠦᠭᠡᠶ᠃ ᠰᠠᠮᠪᠠᠭ᠎ᠠ ᠰᠠᠷ᠎ᠠ ᠲᠡᠶ ᠪᠣᠯᠤᠭᠠᠤᠨ ᠬᠤᠭᠤᠴᠠᠭ᠎ᠠ ᠨᠢ ᠭᠦᠢᠴᠡᠵᠤ᠂ ᠨᠢᠭᠡᠨ ᠯᠠᠵᠤᠤ ᠲᠡᠶ ᠠᠩᠭ᠎ᠠ ᠥᠵᠡᠭ᠍ᠳᠡᠵᠡᠢ᠃ ᠨᠠᠭᠠᠳᠤᠮ ᠤᠨ ᠭᠤᠸᠠᠩᠭ᠋ᠠᠨ ᠡᠭᠦᠨ ᠢ ᠰᠤᠨᠤᠰᠤᠭᠠᠤᠨ ᠳᠤᠬᠤ ᠦᠭᠡᠶ ᠪᠠᠶᠠᠷᠯᠠᠭᠠᠤᠨ ᠠᠳᠬᠤ ᠶᠢᠨ ᠫᠠᠢ ᠪᠠᠨ ᠬᠠᠶᠠᠭᠠᠤᠨ ᠭᠡᠷ ᠳᠠᠰᠢ ᠪᠠᠨ ᠵᠢᠷᠤᠭᠠᠯᠠᠯ᠎ᠠ᠃᠂ ᠡᠭᠦᠳᠡ ᠲᠦᠯᠭᠢᠨ ᠣᠷᠤᠮᠠᠭᠴᠠ ᠨᠢᠯᠬ᠎ᠠ ᠭᠦᠤ ᠶᠢᠨ ᠭᠦᠡᠵᠢᠯᠡ ᠶᠢ ᠣᠷᠪᠠᠭᠤᠯᠤᠨ ᠨᠠᠷᠢᠨ ᠰᠢᠠᠵᠢᠨ᠎ᠡ᠃ ᠰᠢᠡᠵᠢᠭᠦ ᠳᠤᠳᠤᠮ ᠰᠡᠵᠢᠭ᠌ ᠳᠦᠷᠦᠭᠡᠳ ᠭᠡᠯᠡᠭ᠍ᠰᠡᠨ ᠨᠢ᠄

᠊᠊᠊᠊᠊᠊᠊᠊᠊᠊᠊᠊᠊᠊᠊ ᠡᠨᠡ ᠨᠢᠯᠬ᠎ᠠ ᠶᠢᠨ ᠭᠡᠵᠢᠭᠡ ᠨᠢ ᠶᠠᠭᠠᠭᠢᠭᠠᠤᠨ ᠰᠢᠷ᠎ᠠ᠂ ᠳᠤᠯᠤᠭᠠᠢ ᠨᠢ ᠶᠠᠭᠠᠭᠢᠭᠠᠤᠨ ᠳᠤᠮᠤ᠂ ᠴᠢᠮᠠᠷᠬᠠᠢ ᠳ᠋ᠤᠨᠢ ᠦᠰᠤ ᠲᠡᠶ ᠪᠣᠢ ︖ ᠳᠡᠭᠡᠭᠡᠳ ᠪᠠᠬᠠᠨ ᠳᠦᠳᠡᠭᠡᠯᠵᠡᠭᠡᠳ᠄

᠊᠊᠊᠊᠊᠊᠊᠊᠊᠊᠊᠊᠊᠊᠊ ᠡᠨᠡ ᠨᠢᠯᠬ᠎ᠠ ᠳᠤ ᠣᠰᠤᠯ ᠦᠭᠡᠶ ᠭᠡᠵᠤ ᠭᠡᠯᠡᠭᠡᠳ ᠨᠠᠷᠠ ᠣᠨᠠᠭᠠᠤᠨ ᠬᠠᠷᠠᠩᠭ᠋ᠤᠢ ᠪᠣᠯᠵᠤ᠂ ᠭᠦᠮᠦᠰ ᠤᠨ ᠭᠦᠯ ᠭᠠᠷ ᠬᠤᠷᠢᠶᠠᠭᠰᠠᠨ ᠳᠤ ᠡᠨᠡ ᠭᠤᠸᠠᠠᠩᠭ᠋ᠠᠨ ᠨᠢᠯᠬ᠎ᠠ ᠠᠩᠭ᠎ᠠ ᠶᠢ ᠳᠠᠪᠠᠷᠢᠨ ᠭᠠᠷᠤᠭᠠᠤᠨ ᠬᠤᠭ ᠲᠤ ᠬᠠᠶᠠᠵᠤ ᠣᠷᠭᠢᠭᠠᠤᠨ ᠨᠠᠭᠠᠳᠤᠮ ᠵᠥᠭ᠌ ᠶᠢᠡᠨ ᠶᠠᠪᠣᠯ᠎ᠠ᠃

ᠨᠢᠯᠬ᠎ᠠ ᠨᠢ ᠠᠯᠠᠭ᠎ᠠ ᠪᠣᠯᠤᠭᠰᠠᠨ ᠳᠤ ᠡᠵᠢ ᠪᠣᠯᠤᠭᠰᠠᠨ ᠰᠠᠮᠪᠠᠭ᠎ᠠ ᠵᠤᠪᠠᠬᠤ ᠦᠭᠡᠶ ᠭᠡᠵᠤ ᠪᠠᠢ᠌ᠨᠠᠤ ︖ ᠡᠷᠢᠭᠡᠳ ᠡᠷᠢᠭᠡᠳ ᠣᠯᠤᠭᠰᠠᠨ ᠦᠭᠡᠶ ᠡᠭᠡᠷ ᠳᠠᠳᠠᠨ ᠣᠭᠢᠯᠠᠵᠤ ᠪᠠᠢ᠌ᠳᠠᠯ᠎ᠠ ᠳᠠᠢ᠌ᠭ᠎ᠠ ᠨᠤᠬᠠᠢ ᠨᠢ ᠳᠠᠷᠠ ᠨᠢᠯᠬ᠎ᠠ ᠶᠢ ᠪᠠᠷᠢᠠᠳᠠᠭ ᠡᠴᠠ ᠨᠢ ᠵᠠᠭᠤᠵᠤ ᠳᠡᠭᠦᠵᠢᠯᠡᠨ ᠠᠪᠠᠴᠢᠷᠠᠪᠠ᠃ ᠡᠨᠡ ᠥᠨᠡᠭᠡᠷ ᠪᠠᠶᠠᠷ ᠳᠡᠭᠡᠷ᠎ᠡ ᠪᠠᠶᠠᠷ᠂ ᠪᠠᠮᠪᠠᠷ ᠳᠡᠭᠡᠷ᠎ᠡ ᠰᠢᠭᠦᠷ ᠰᠠᠮᠪᠠᠭ᠎ᠠ ᠭᠦᠤ ᠨᠤᠬᠠᠢ ᠬᠤᠶᠠᠷ ᠢ ᠠᠳᠤᠷᠢᠳᠤᠯ᠎ᠠ ᠳᠠᠪᠠᠷᠢᠨ ᠦᠨᠦᠰᠤᠯ᠎ᠠ᠃

ᠭᠡᠳᠡᠯ᠎ᠡ ᠰᠠᠢ᠌ᠨ ᠣᠴᠢᠷ ᠲᠤ ᠰᠠᠭᠠᠷ ᠣᠯᠠᠨ ᠭᠡᠭ᠍ᠴᠢ ᠪᠠᠷ ᠭᠡᠳᠤᠨ ᠡᠳᠦᠷ ᠤᠨ ᠳᠠᠷᠠᠭ᠎ᠠ ᠭᠤᠸᠠᠩᠭ᠋ᠠᠨ ᠡᠷ᠎ᠡ ᠭᠦᠷᠦᠭᠡᠳ ᠢᠷᠠᠪᠠ᠃ ᠳᠠᠪᠢ ᠭᠠᠷᠤᠭᠠᠤᠨ ᠦᠷ᠎ᠡ ᠦᠭᠡᠶ ᠭᠤᠤᠨᠢ ᠪᠠᠶ᠎ᠠ ᠭᠤᠵᠤᠩ ᠳᠤᠯᠤᠭᠠᠢ ᠪᠠᠷ ᠪᠣᠯᠬᠤ ᠦᠭᠡᠶ ᠭᠡᠵᠤ ᠪᠣᠳᠤᠭᠠᠤᠨ ᠭᠦᠤ ᠪᠠᠨ ᠪᠣᠯᠢᠶᠠᠨ ᠠᠪᠴᠤ ᠵᠢᠯᠢ᠌ ᠳᠠᠰᠤ ᠶᠠᠪᠣᠯ᠎ᠠ᠃

ᠳᠠᠢ᠌ᠭ᠎ᠠ ᠨᠤᠬᠠᠢ ᠳᠡᠭᠦᠨ ᠢ ᠮᠦᠷᠳᠠᠨ ᠭᠦᠭᠡᠭᠡᠵᠤ ᠶᠠᠪᠣᠯ᠎ᠠ᠂ ᠵᠠ ᠣᠳᠤ ᠶᠠᠭᠠᠭᠢᠬᠤ ᠪᠢᠯᠠ᠂ ᠰᠠᠮᠪᠠᠭ᠎ᠠ ᠶᠤᠰᠤᠳᠠᠢ ᠭᠤᠨᠢ ᠪᠠᠶ᠎ᠠ ᠭᠤᠵᠤᠩ ᠳᠤᠯᠤᠭᠠᠢ ᠪᠣᠯᠵᠤ ᠬᠤᠴᠤᠷᠤᠭᠠᠤᠨ ᠰᠤᠯᠢᠶᠠᠳᠠᠮᠠᠷ ᠪᠣᠯᠪᠠ᠃ ᠡ᠊ᠨᠳᠡ ᠳᠠᠠᠳᠠ ᠡᠷᠢᠯ ᠪᠣᠯᠤᠨ ᠶᠠᠪᠣᠵᠤ᠂ ᠬᠡᠦᠬᠡᠳ ᠳᠡᠪᠠᠷᠢᠭ᠍ᠰᠡᠨ ᠭᠦᠮᠤᠨ ᠤ ᠨᠢᠯᠬ᠎ᠠ ᠶᠢ ᠳᠠᠳᠠᠵᠤ ᠪᠣᠯᠢᠶᠠᠨ᠄

᠊᠊᠊᠊᠊᠊᠊᠊᠊᠊᠊᠊᠊᠊᠊ ᠮᠢᠨᠤ ᠭᠦᠤ᠂ ᠮᠢᠨᠤ ᠳᠠᠢ᠌ᠭ᠎ᠠ᠂ ᠨᠠᠰᠢ ᠨᠢ ᠠᠯᠢ ︕

᠁ ᠁

ᠰᠡᠭᠦᠯ ᠳ᠋ᠤᠨᠢ ᠨᠢᠭᠡ ᠭᠦᠮᠤᠨ ᠳᠡᠭᠦᠨ ᠳᠤ ᠴᠢᠮᠡᠭᠡ ᠭᠦᠷᠭᠡᠵᠤ᠄

᠊᠊᠊᠊᠊᠊᠊᠊᠊᠊᠊᠊᠊᠊᠊ ᠪᠣᠯᠠᠢ ᠪᠣᠯᠵᠠᠢ᠂ ᠳᠠᠢ᠌ᠭ᠎ᠠ ᠨᠤᠬᠠᠢ ᠴᠢᠨᠢ ᠭᠡᠷᠡᠭ᠌ ᠳᠠᠳᠠᠵᠠᠢ ᠭᠡᠪᠡ᠄

᠊᠊᠊᠊᠊᠊᠊᠊᠊᠊᠊᠊᠊᠊᠊ ᠶᠠᠭᠠᠭᠢᠭᠰᠠᠨ ᠪᠣᠢ ︖

᠊᠊᠊᠊᠊᠊᠊᠊᠊᠊᠊᠊᠊᠊᠊ ᠡᠮᠨᠡᠯᠭᠡ ᠳᠤ ᠰᠠ‍‌ᠶᠢ ᠳᠦᠷᠦᠭ᠍ᠰᠡᠨ ᠨᠢᠭᠡ ᠨᠢᠯᠬ᠎ᠠ ᠶᠢ ᠵᠠᠭᠤᠵᠤ ᠳᠤᠳᠠᠭᠠᠭᠠᠤᠨ ᠨᠢᠭᠡ ᠡᠷ᠎ᠡ ᠳᠤ ᠪᠠᠩᠴᠠᠳᠠᠨ ᠠᠯᠠᠭᠳᠠᠵᠠᠢ ᠭᠡᠪᠡ᠃

᠊᠊᠊᠊᠊᠊᠊᠊᠊᠊᠊᠊᠊᠊᠊ ᠶᠠᠭᠤ ᠭᠡᠨ᠎ᠡ ︕ ᠪᠠᠷᠠᠯ᠎ᠠ ︕ ᠁ ᠰᠠᠮᠪᠠᠭ᠎ᠠ ᠪᠠᠶ᠎ᠠ ᠰᠤᠯᠠᠷᠠᠨ᠂ ᠣᠬᠠᠭᠠᠨ ᠪᠠᠯᠠᠷᠠᠵᠤ᠂ ᠮᠠᠭᠤᠵᠢᠷᠠᠨ ᠤᠢ᠌ᠴᠢᠯ᠎ᠠ᠃

ᠨᠡᠭᠡᠷᠡᠨ ᠠᠮᠠ ᠪᠠᠢ᠌ᠭᠠᠤᠨ ᠭᠡᠯᠡᠵᠤ ᠴᠢᠳᠠᠬᠤ ᠦᠭᠡᠶ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ

ᠵᠤᠬᠢᠶᠠᠭᠴᠢ᠄ ᠲᠤᠭᠤᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 66283
ᠴᠠᠭ᠄ 2014 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ