ᠨᠡᠪᠲᠡᠷᠡᠨ ᠤᠷᠤᠬᠤ
ᠳᠡᠯᠡᠭᠡᠢ ᠡᠵᠢ ᠰᠠᠭᠠᠭᠤᠯᠵᠤ ᠪᠠᠢ᠌ᠨ᠎ᠠ

ᠨᠤᠭᠤᠭᠠᠨ ᠳᠤᠷᠭᠠᠨ ᠳᠠᠪᠠᠯ ᠲ᠋ᠠᠢ

ᠴᠠᠪᠠᠷ ᠴᠡᠮᠴᠡᠭᠡᠨ ᠳᠡᠯᠡᠭᠡᠢ ᠪᠢ

ᠭᠦᠭᠡ ᠮᠦᠩᠭᠦᠨ ᠳᠡᠭ᠍ᠷᠢ ᠲᠡᠶ

ᠡᠡᠩᠬ᠎ᠠ ᠭᠡᠷᠯᠡᠭᠡᠳ ᠡᠳ ᠣᠳᠠᠬᠤ ᠳ᠋ᠤ

ᠨᠤᠭᠤᠭᠠᠨ ᠳᠤᠷᠭᠠᠨ ᠳᠠᠪᠠᠯ ᠮᠢᠨᠢ

ᠰᠢᠷᠠᠬᠤ ᠨᠠᠷᠠᠨ

ᠰᠠᠯᠭᠢ ᠰᠢᠭᠤᠷᠭ᠎ᠠ ᠶᠢ ᠬᠠᠯᠬᠠᠯᠠᠵᠤ

ᠨᠠᠮ ᠵᠢᠮ ᠡᠯᠦᠢ ᠬᠤᠯᠤᠢ ᠪᠠᠢ᠌ᠭᠰᠠᠨ᠃

ᠭᠡᠨᠡᠳᠲᠡ

ᠣᠢ ᠮᠤᠳᠤ ᠶᠢ ᠭᠡᠷᠡᠭ᠍ᠰᠡᠵᠤ

ᠠᠮᠢᠳᠠᠨ ᠨᠤᠭᠤᠭ᠎ᠠ ᠪᠠᠷ ᠢᠳᠠᠰᠢ ᠪᠠᠨ ᠪᠣᠯᠭᠠᠳᠠᠭ

ᠣᠠᠴᠠᠭᠠᠢ ᠰᠡᠷᠭᠦᠯᠡᠩ ᠬᠡᠦᠬᠡᠳ ᠤᠳ

ᠨᠠᠪᠴᠢ ᠨᠠᠮᠠᠭ᠎ᠠ ᠦᠨᠳᠦᠰᠦ ᠵᠠᠯ᠎ᠠ ᠶᠢ ᠳᠠᠰᠤᠳᠠᠭᠰᠠᠭᠠᠷ

ᠨᠤᠭᠤᠭᠠᠨ ᠳᠤᠷᠭᠠᠨ ᠳᠠᠪᠠᠯ ᠢ

ᠰᠢᠷ᠎ᠠ ᠳᠤᠷᠭᠠᠨ ᠳᠠᠪᠠᠯ ᠶᠢᠡᠷ ᠰᠤᠯᠢᠭᠰᠠᠨ ᠶᠤᠮ᠃

ᠡᠴᠢᠭᠡ ᠳᠡᠭ᠍ᠷᠢ ᠴᠢᠨᠢ ᠮᠡᠳᠡᠭᠡᠳ

ᠠᠯᠢ ᠴᠢᠳᠠᠬᠤ ᠪᠠᠷ

ᠪᠣᠷᠤᠭᠠᠨ ᠬᠤᠷ᠎ᠠ ᠬᠠᠢ᠌ᠷᠠᠯᠠᠬᠤ ᠳ᠋ᠤ

ᠬᠠᠷ᠎ᠠ ᠣᠳᠤᠭ᠎ᠠ ᠪᠠᠷ ᠣᠭᠳᠤᠵᠤ

ᠬᠠᠢ᠌ᠯᠠᠭᠤᠯᠤᠭᠰᠠᠨ ᠳᠠᠮᠤᠷ ᠬᠤᠵᠢᠷ ᠤᠨ ᠣᠰᠤ

ᠭᠤᠤᠯ ᠴᠥᠭᠦᠷᠦᠮ ᠨᠠᠭᠤᠷ ᠪᠦᠷᠢᠳᠤ ᠳᠤ ᠣᠷᠤᠰᠤᠨ ᠣᠷᠤᠵᠤ

ᠰᠢᠷ᠎ᠠ ᠳᠤᠷᠭᠠᠨ ᠳᠠᠪᠠᠯ ᠢ

ᠬᠠᠷ᠎ᠠ ᠳᠤᠷᠭᠠᠨ ᠳᠠᠪᠠᠯ ᠶᠢᠡᠷ ᠰᠤᠯᠢᠭᠰᠠᠨ ᠶᠤᠮ᠃

ᠣᠳᠤ

ᠮᠢᠨᠤ ᠪᠠᠶ᠎ᠠ ᠬᠠᠨᠠᠨ ᠡᠷᠢᠶᠡᠨ ᠶᠢᠡᠷ ᠳᠦᠭᠦᠷᠴᠤ

ᠵᠢᠯ ᠤᠨ ᠵᠢᠯ ᠵᠢᠠᠷ

ᠮᠠᠯᠳᠠᠵᠤ ᠮᠠᠭᠠᠵᠢᠭᠠᠤᠨ

ᠵᠠᠭᠠᠠᠳᠠᠨᠠᠭᠠᠤᠨ ᠳᠡᠰᠭᠦ ᠥᠭᠡᠢ ᠪᠤᠯᠬᠤ ᠳ᠋ᠠᠭᠠᠨ

ᠭᠦᠷᠪᠠᠮᠡᠷ ᠪᠣᠯᠵᠤ ᠪᠠᠢ᠌ᠨ᠎ᠠ᠃

ᠭᠦᠴᠦᠯᠯᠢᠭ᠌ ᠪᠣᠷᠤᠭᠠᠨ

ᠭᠦᠯᠦᠰᠤᠨ ᠰᠠᠪᠠ ᠪᠠᠷ ᠣᠷᠤᠭᠠᠤᠨ

ᠭᠦᠢᠳᠡᠨ ᠠᠰᠬᠠᠷᠠᠭᠠᠤᠨ

ᠭᠦᠳᠡᠯᠭᠦ ᠪᠠᠨ ᠵᠤᠭᠰᠤᠮᠠᠷ ᠪᠣᠯᠵᠤ ᠪᠠᠢ᠌ᠨ᠎ᠠ᠃

ᠨᠢᠳᠤ ᠪᠦᠷᠭᠦᠭᠡᠳ

ᠣᠳᠤᠭ᠎ᠠ ᠳᠤᠭᠤᠰᠤ ᠳᠡᠭ᠍ᠳᠡᠨ

ᠠᠮᠢᠰᠬᠤᠭ᠎ᠠ ᠠᠪᠬᠤ ᠳ᠋ᠤ

ᠠᠭᠤᠰᠭᠢ ᠬᠠᠳᠬᠤᠯᠠᠨ

ᠵᠢᠷᠦᠭᠡ ᠵᠤᠭᠰᠤᠮᠠᠷ ᠪᠣᠯᠵᠤ ᠪᠠᠢ᠌ᠨ᠎ᠠ ᠃

ᠡᠴᠢᠭᠡ ᠳᠡᠭ᠍ᠷᠢ ᠴᠢᠨᠢ

ᠭᠡᠮ ᠨᠢ ᠡᠮᠤᠨ᠎ᠡ

ᠭᠡᠮᠰᠢᠯ ᠨᠢ ᠬᠣᠢ᠌ᠨ᠎ᠠ ᠭᠡᠳᠡᠭ᠌ ᠢ

ᠮᠡᠳᠡᠭᠦ ᠦᠭᠡᠶ ᠬᠡᠦᠬᠡᠳ ᠤᠳ

ᠣᠤᠭᠤᠵᠤ ᠢᠳᠡᠭᠡᠳ ᠭᠦᠷᠴᠢᠭᠡᠪᠠᠯ ᠪᠣᠯᠤᠨ᠎ᠠ ᠰᠢᠳᠠ

ᠢᠳᠡᠴᠢᠭᠡᠭᠡᠳ ᠪᠠᠰᠠ

ᠢᠳᠡᠭᠦᠷ ᠰᠠᠪᠠ ᠪᠠᠨ ᠬᠤᠳᠠᠯᠳᠤᠴᠢᠬᠠᠪᠠᠯ

ᠶᠠᠭᠤᠨ ᠡᠴᠠ ᠢᠳᠡᠭᠦ ᠶᠤᠮ

ᠶᠠᠮᠠᠷ ᠴᠢᠳᠠ ︕

ᠰᠠᠠᠳᠠᠯᠠᠵᠤ ᠡᠪᠳᠡᠭᠡᠳ ᠪᠠᠢ᠌ᠬᠤ ᠪᠠᠷ

ᠰᠠᠯᠭᠢᠨ ᠵᠢᠪᠠᠷ ᠦᠦ ︖

ᠭᠡᠷᠡᠭᠯᠡᠭᠡᠳ ᠪᠠᠷᠠᠰᠢ ᠥᠭᠡᠢ

ᠨᠠᠷᠠᠨ ᠤ ᠣᠢ᠌ᠯᠠᠭ᠎ᠠ ᠦᠦ ︖

ᠠᠪᠣᠭᠠᠤᠨ ᠪᠠᠷᠠᠰᠢ ᠥᠭᠡᠢ

ᠠᠨᠠᠪᠠᠤᠨ ᠳᠠᠯᠠᠢ ᠶᠢᠨ ᠣᠰᠤ ᠦᠦ ︖

ᠶᠠᠮᠠᠷ ᠴᠢᠳᠠ ︕

ᠠᠪᠬᠤ ᠶᠢ ᠮᠡᠳᠡᠭᠦ ᠡᠴᠠ

ᠦᠭ‍ᠭᠦ ᠶᠢ ᠮᠡᠳᠡᠭᠦ ᠥᠭᠡᠢ

ᠭᠡᠨ ᠶᠢᠡᠷ ᠳᠡᠵᠢᠭᠡᠯᠭᠡᠭ᠍ᠰᠡᠨ ᠠᠮᠢᠳᠠᠨ ᠪᠣᠢ ᠭᠡᠵᠤ

ᠡᠴᠢᠭᠡ ᠳᠡᠭ᠍ᠷᠢ ᠴᠢᠨᠢ ᠭᠢᠯᠢᠩᠨᠡᠭᠡᠳ

ᠡᠭᠡ ᠳᠡᠯᠡᠭᠡᠢ ᠶᠢᠨ ᠡᠡᠮᠢᠳᠡᠨ ᠳᠤ ᠮᠡᠳᠡᠭᠦᠯᠭᠦ ᠶᠤᠮ︕

ᠣᠳᠤ ᠪᠠᠷ ᠣᠬᠠᠭᠠᠷᠠᠬᠤ ᠦᠭᠡᠶ ᠪᠣᠯ

ᠬᠤᠵᠢᠮ ᠳᠠᠭᠠᠨ ᠦᠪᠡᠷ ᠶᠢᠡᠨ ᠮᠥᠭᠦᠨ᠎ᠡ ᠰᠢᠤ

ᠳᠠᠭᠠᠳᠠᠢ᠌ᠬᠠᠨ ᠣᠷᠭᠤᠭᠰᠠᠨ ᠰᠢᠭᠤᠢ ᠶᠢ ᠣᠭᠳᠤᠯᠤᠭᠠᠤᠨ ᠪᠠᠢ᠌ᠪᠠᠯ

ᠳᠠᠢ᠌ᠹᠧᠩ ᠰᠠᠯᠭᠢ ᠪᠣᠰᠬᠠᠨ᠎ᠠ ᠰᠢᠤ᠂

ᠠᠭᠤᠷᠬᠠᠢ ᠪᠣᠯᠠᠭᠳᠠᠴᠠ ᠶᠢ ᠮᠠᠯᠳᠠᠭᠠᠤᠨ ᠪᠠᠢ᠌ᠪᠠᠯ

ᠠᠭᠤᠯᠠ ᠬᠠᠳᠠ ᠵᠢ ᠶᠡᠭᠦᠷᠡᠭᠦᠯᠤᠨ᠎ᠡ ᠰᠢᠤ᠂

ᠣᠩᠭ᠋ᠤᠨ ᠪᠠᠢ᠌ᠭᠠᠯᠢ ᠵᠢ ᠡᠪᠳᠡᠯᠡᠭᠡᠳ ᠪᠠᠢ᠌ᠪᠠᠯ

ᠣᠰᠤᠨ ᠦᠶᠡᠷ ᠲ᠋ᠠᠯᠪᠢᠨ᠎ᠡ ᠰᠢᠤ᠂

ᠠᠷᠢᠭᠤᠨ ᠣᠷᠤᠨ ᠢ ᠪᠣᠵᠠᠷᠯᠠᠭᠠᠤᠨ ᠪᠠᠢ᠌ᠪᠠᠯ

ᠠᠶᠤᠩᠭ᠎ᠠ ᠨᠢᠵᠢᠭᠡᠨᠡᠭᠦᠯᠵᠤ ᠳᠣᠢ᠌ᠮᠠᠷᠳᠠᠨ᠎ᠡ ᠰᠢᠤ ᠂

ᠣᠭᠳᠠᠷᠭᠤᠢ ᠶᠢ ᠣᠳᠤᠭ᠎ᠠ ᠪᠠᠷ ᠣᠭᠳᠤᠭᠠᠤᠨ ᠪᠠᠢ᠌ᠪᠠᠯ

ᠠᠭᠤᠳᠠᠮ ᠳᠠᠯ᠎ᠠ ᠶᠢ ᠣᠩᠭ᠋ᠤᠳᠠᠳᠠᠯ᠎ᠠ ᠰᠢᠷᠠᠨ᠎ᠠ ᠰᠢᠤ᠂

ᠮᠢᠨᠤ ᠦᠷ᠎ᠡ ᠨᠤᠭᠦᠳ ᠤᠨ ᠳᠤᠳᠤᠷ᠎ᠠ

ᠬᠠᠮᠤᠭ ᠪᠣᠳᠤᠯ ᠣᠬᠠᠭᠠᠨ ᠳᠠᠢ

ᠬᠡᠦᠬᠡᠳ ᠤᠳ ᠮᠢᠨᠢ

ᠦᠶ᠎ᠡ ᠶᠢᠨ ᠦᠶ᠎ᠡ ᠪᠠᠷ ᠠᠮᠢᠳᠤᠷᠠᠶ᠎ᠠ ᠭᠡᠪᠠᠯ

ᠦᠷᠭᠦᠯᠵᠢᠯᠡᠨ ᠳᠡᠯᠡᠭᠡᠢ ᠡᠵᠢ ᠪᠠᠨ

ᠦᠪᠡᠷ ᠤᠨ ᠠᠮᠢ ᠲᠡᠶ ᠪᠠᠨ ᠠᠳᠠᠯᠢ ᠬᠠᠢ᠌ᠷᠠᠯᠠᠭᠠᠷᠠᠢ ᠭᠡᠵᠤ

ᠲᠥᠪ ᠭᠤᠤᠯᠴᠢ ᠪᠠᠷ ᠰᠠᠨᠠᠭᠤᠯᠵᠤ ᠪᠠᠢ᠌ᠨ᠎ᠠ᠃




ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠡᠩᠭᠡᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2012 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ