ᠨᠡᠪᠲᠡᠷᠡᠨ ᠤᠷᠤᠬᠤ
ᠠᠨᠢᠷ ᠰᠡᠷᠭᠦᠭ᠍ᠰᠡᠨ ᠳᠠᠯ᠎ᠠ

ᠨᠤᠳᠤᠭ ᠤᠨ ᠳᠦᠷᠢ ᠪᠠᠷ ᠠᠮᠤᠭᠤᠯᠠᠩ ᠵᠢᠷᠭᠠᠳᠠᠭ ᠪᠠᠭᠤᠴᠠᠨ ᠳ᠋ᠤ

ᠮᠢᠨᠤ ᠮᠤᠩᠭ᠋ᠤᠯ ᠤᠨ ᠮᠠᠯᠵᠢᠬᠤ ᠠᠮᠢᠳᠤᠷᠠᠯ ᠪᠠᠢ᠌ᠳᠠᠭ᠃

ᠬᠤᠷᠸ᠎ᠠ ᠠᠭᠤᠵᠢᠮᠬᠠᠨ ᠳᠠᠩᠰᠤᠭ ᠴᠡᠭᠡᠯ ᠳ᠋ᠤ

ᠠᠳᠤᠭᠤᠳ ᠤᠨ ᠦᠤᠷᠰᠤᠨ ᠢᠠᠴᠠᠭᠠᠬᠤ ᠳ᠋ᠤ

ᠮᠤᠩᠭ᠋ᠤᠯ ᠤᠨ ᠳᠠᠯ᠎ᠠ ᠨᠢ ᠪᠠᠶᠠᠰᠴᠤ

ᠳᠡᠷᠡᠭᠦ ᠢᠠᠴᠠᠭᠠᠤᠨ ᠤᠨ ᠳᠡᠷᠭᠡᠳᠡ ᠡᠴᠡ

ᠪᠤᠯᠵᠤᠮᠤᠷ ᠰᠢᠪᠠᠭᠠᠤᠨ ᠨᠢ ᠵᠢᠷᠭᠢᠵᠤ

ᠳᠤᠭᠤᠨᠤ ᠪᠠᠷ ᠪᠠᠭᠠᠭᠢᠭᠰᠠᠨ ᠣᠳᠤᠭᠠᠨ ᠳ᠋ᠤ

ᠳᠠᠪᠤᠨ ᠬᠤᠰᠢᠭᠤ ᠨᠢ ᠬᠤᠷᠤᠭᠳᠠᠨ ᠥᠨᠦᠴᠢᠷᠡᠭᠦ ᠳ᠋ᠤ

ᠠᠨᠢᠷᠬᠠᠨ ᠴᠢᠮᠡᠭᠡ ᠨᠢ

ᠳᠤᠪ ᠳᠤᠭᠤᠢ ᠯᠠ ᠠᠭᠤᠯᠠᠨ ᠳᠤ ᠴᠤᠤᠷᠢᠶᠠᠳᠤᠨ᠎ᠠ᠃

ᠬᠤᠷᠠᠭᠰᠠᠨ ᠴᠠᠰᠤ ᠨᠢ ᠰᠢᠮᠠᠳᠴᠤ

ᠭᠦᠷᠦᠰᠤᠨ ᠳᠤ ᠰᠢᠩᠭᠡᠭ᠍ᠰᠡᠭᠡᠷ

ᠳᠠᠯ᠎ᠠ ᠨᠢ ᠵᠤᠯᠪᠣᠭ᠎ᠠ ᠰᠡᠷᠭᠦᠨ᠎ᠡ᠃

ᠬᠤᠷ᠎ᠠ ᠨᠢ ᠵᠥᠭᠡᠯᠡᠨ ᠵᠥᠰᠡᠷᠡᠭ᠍ᠰᠡᠭᠡᠷ

ᠬᠤᠷᠸ᠎ᠠ ᠨᠢ ᠠᠭᠤᠵᠢᠮᠬᠠᠨ ᠠᠮᠢᠰᠬᠤᠯᠯᠠᠵᠤ

ᠳᠠᠯ᠎ᠠ ᠨᠢ ᠳᠠᠷᠠ ᠪᠦᠭᠦᠳᠡ ᠵᠢᠨ

ᠳᠡᠷᠭᠡᠳᠡ ᠨᠤᠭᠤᠭᠠᠵᠢᠨ ᠮᠠᠩᠨᠤᠭᠰᠢᠨ᠎ᠠ᠃

ᠠᠭᠯᠠᠭ ᠴᠡᠴᠡᠭ᠌ ᠤᠨ ᠮᠢᠷᠠᠯᠵᠠᠭᠠᠨ ᠳᠠᠢ

ᠠᠷᠢᠭᠤᠨ ᠣᠠᠳᠤᠷᠤᠭ᠎ᠠ ᠶᠢᠨ ᠭᠤᠷᠴᠢᠭᠢᠨᠠᠭ᠎ᠠ ᠳᠠᠢ

ᠠᠳᠠᠨ ᠳᠡᠮᠡᠭᠡ ᠶᠢᠨ ᠪᠣᠢ᠌ᠯᠠᠭᠠᠨ ᠳᠠᠢ

ᠠᠷᠳᠠᠭ ᠮᠤᠷᠢᠳ ᠤᠨ ᠳᠤᠪᠳᠤᠯᠭᠠᠨ ᠳᠠᠢ

ᠦᠪᠣᠷ ᠬᠠᠩᠭ᠋ᠠᠢ ᠨᠢ ᠮᠢᠨᠤ ᠳᠠᠯ᠎ᠠ ᠁

ᠠᠷᠤ ᠳᠡᠨᠢᠭᠡᠷ ᠨᠢ ᠮᠤᠩᠭ᠋ᠤᠯ ᠤᠨ ᠳᠠᠯ᠎ᠠ ᠁

ᠢᠷᠠᠭᠤ ᠨᠠᠢ᠌ᠷᠠᠭ ᠵᠢᠠᠷ

ᠠᠨᠢᠷ ᠰᠡᠷᠭᠦᠭ᠍ᠰᠡᠨ ᠮᠥᠩᠭᠡ ᠶᠢᠨ ᠳᠠᠯ᠎ᠠ

ᠳᠡᠭ᠍ᠷᠢ ᠳᠤ ᠬᠠᠯᠢᠭᠰᠠᠨ ᠪᠦᠷᠭᠦᠤᠨ ᠨᠢ

ᠭᠦᠭᠡ ᠣᠭᠳᠠᠷᠭᠤᠢ ᠳᠤ ᠳᠡᠭᠦᠯᠢᠵᠤ

ᠮᠤᠩᠭ᠋ᠤᠯ ᠭᠡᠷ ᠤᠨ ᠳᠤᠭᠤᠨᠤ ᠪᠠᠷ ᠰᠤᠮᠤᠳᠠᠬᠤ ᠳ᠋ᠤ

ᠵᠤᠯᠠᠢ ᠨᠢ ᠰᠡᠷᠭᠦᠳᠡᠭ᠌ ᠥᠷᠨᠢᠭᠦᠨ ᠳᠠᠯ᠎ᠠ

ᠠᠭᠰᠢᠭᠤᠨ ᠴᠠᠢ ᠶᠢᠨ ᠱᠠᠩᠳᠠᠭᠤᠨ ᠦᠨᠦᠷ

ᠥᠷᠭᠦᠭᠡ ᠪᠦᠷᠢ ᠡᠴᠡ ᠰᠡᠩᠭᠢᠨᠡᠭᠦ ᠳ᠋ᠤ

ᠴᠠᠭᠠᠨ ᠳᠤᠯᠤᠭᠠᠢ ᠶᠢᠨ ᠣᠩᠰᠢᠭᠤ ᠴᠤᠤᠷᠢᠶᠠᠨ ᠳ᠋ᠤ

ᠬᠡᠦᠬᠡᠳ ᠳᠡᠯᠡᠭᠡᠢ ᠶᠢᠨ ᠦᠰᠦᠨ ᠪᠣᠢ᠌ᠵᠢᠯᠳᠠ ᠪᠠᠷ

ᠰᠤᠶᠤᠯᠵᠢᠨ ᠰᠢᠡᠵᠢᠯᠡᠭ᠍ᠳᠡᠭ᠍ᠰᠡᠨ ᠠᠨᠢᠷ ᠤᠨ ᠳᠠᠯ᠎ᠠ᠃

ᠮᠤᠩᠭ᠋ᠤᠯ ᠪᠦᠭᠡ ᠶᠢᠨ ᠳᠠᠪᠢᠯᠳᠠ ᠳ᠋ᠤ

ᠰᠡᠳᠭᠢᠯ ᠳᠡᠨᠢᠭᠦᠵᠢᠳᠡᠭ᠌ ᠠᠭᠤᠵᠢᠮ ᠳᠠᠯ᠎ᠠ᠃

ᠮᠤᠩᠭ᠋ᠤᠯ ᠶᠠᠰᠤᠳᠠᠤᠨ ᠤᠨ ᠣᠷᠤᠰᠢᠭᠰᠠᠨ

ᠳᠡᠭᠡᠳᠤ ᠭᠠᠯᠪᠠ ᠶᠢᠨ ᠳᠠᠯ᠎ᠠ᠃

ᠠᠳᠤᠭᠤᠳ ᠤᠨ ᠳᠤᠭᠤᠷᠠᠢ ᠳᠤ ᠳᠠᠮᠠᠭᠠᠯᠠᠭᠰᠠᠨ

ᠮᠤᠷᠢ ᠊᠊᠊᠊᠊᠊᠊᠊᠊᠊᠊᠊᠊᠊᠊ ᠮᠤᠩᠭ᠋ᠤᠯ ᠬᠤᠶᠠᠷ ᠤᠨ ᠦᠨᠢᠳᠠ ᠣᠷᠤᠰᠢᠬᠤ ᠳᠠᠯ᠎ᠠ᠃

ᠬᠤᠭᠤᠷ ᠤᠨ ᠡᠭᠡᠰᠢᠭ᠌ ᠣᠷᠳᠤ ᠶᠢᠨ ᠳᠠᠭᠤᠤ ᠶᠢᠨ ᠥᠷᠭᠦᠯᠵᠢᠯᠡᠯ ᠳ᠋ᠤ

ᠠᠨᠢᠷᠬᠠᠨ ᠵᠢᠷᠭᠠᠳᠠᠭ ᠳᠠᠯ᠎ᠠ ᠳᠤ ᠪᠠᠨ

ᠳᠤᠯᠭ᠎ᠠ ᠶᠢᠨ ᠴᠤᠭ ᠰᠢᠭ ᠳᠦᠷᠡᠯᠵᠡᠨ

ᠳᠠᠩᠭᠢᠯ ᠳᠤᠮᠤᠭᠠᠬᠠᠨ ᠪᠣᠢ᠌ᠵᠢᠭ᠎ᠠ ᠪᠣᠯᠪᠠᠷᠠᠢ ᠤᠳ ᠨᠢ

ᠰᠤᠶᠤᠯ ᠤᠨ ᠮᠦᠷ ᠶᠢᠡᠷ ᠵᠠᠮᠨᠠᠬᠤ ᠳ᠋ᠤ

ᠪᠣᠭᠤᠷᠤᠯ ᠳᠡᠦᠭᠡ ᠶᠢᠨ ᠠᠯᠳᠠᠨ ᠭᠡᠯᠭᠢᠶᠡᠰᠤ ᠪᠠᠨ

《ᠨᠢᠭᠤᠴᠠ ᠳᠤᠪᠴᠢᠶᠠᠨ》 ᠰᠢᠭ ᠨᠠᠮᠳᠠᠷᠯᠠᠬᠤ ᠭᠡᠵᠤ

ᠴᠢᠩᠭᠢᠰ ᠤᠨ ᠴᠢᠯᠠᠭᠤᠨ ᠭᠦᠰᠢᠶᠡᠨ ᠳᠤ ᠮᠥᠷᠭᠦᠭᠦ ᠳ᠋ᠤ

ᠳᠠᠷᠠ ᠪᠦᠭᠦᠳᠡ ᠶᠢ ᠵᠠᠪᠰᠢᠨ ᠢᠷᠦᠭᠡᠭ᠍ᠴᠢ

ᠠᠨᠢᠷ ᠰᠡᠷᠭᠦᠭ᠍ᠰᠡᠨ ᠮᠢᠨᠤ ᠮᠤᠩᠭ᠋ᠤᠯ ᠤᠨ ᠳᠠᠯ᠎ᠠ ᠁

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2670
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ