☆ ᠭ·ᠮᠥᠩᠭᠡᠳᠡᠯᠭᠡᠷ
ᠨᠠᠮ ᠵᠢᠮ ᠢ ᠴᠢᠩᠨᠠᠬᠤᠢ
ᠴᠡᠭᠡᠯ ᠤᠨ ᠴᠢᠯᠠᠭᠤᠳ ᠤᠨ ᠵᠢᠭᠠᠰᠤᠨ ᠭᠡᠳᠡᠭᠡ ᠶᠢ ᠭᠠᠢ᠌ᠬᠠᠵᠤ ᠴᠢᠩᠨᠠᠮᠠᠷ
ᠰᠠᠮ ᠳᠤᠷᠠᠯᠠᠬᠤ ᠬᠡᠦᠭᠡᠨ ᠪᠦᠱᠦᠭᠦᠷᠭᠡᠯ ᠢ ᠢᠴᠢᠭᠡᠵᠤ ᠴᠢᠩᠨᠠᠮᠠᠷ
ᠰᠤᠳᠠᠯ ᠶᠢᠡᠷ ᠮᠢᠨᠢ ᠯᠤᠭᠰᠢᠬᠤ ᠭᠡᠷᠡᠯ ᠤᠨ ᠣᠷᠤᠰᠬᠠᠯ ᠢ ᠰᠠᠯᠢᠵᠤ ᠴᠢᠩᠨᠠᠮᠠᠷ
ᠰᠠᠷᠬᠤᠤᠨ ᠤᠨ ᠥᠭᠡ ᠶᠢ ᠬᠤᠠᠳᠠᠭᠠᠨ ᠡᠴᠡ ᠠᠮᠵᠢᠵᠤ ᠨᠢᠭᠤᠵᠤ ᠴᠢᠩᠨᠠᠮᠠᠷ
ᠰᠠᠠᠰᠠᠷ ᠤᠨ ᠡᠴᠢᠨᠡᠭᠢ ᠠᠮᠢ ᠶᠢᠨ ᠳᠤᠭᠢᠶ᠎ᠠ ᠶᠢ ᠦᠨᠳᠠᠢ᠌ᠵᠤ ᠴᠢᠩᠨᠠᠮᠠᠷ
ᠳᠤᠭᠤᠷᠠᠢ ᠶᠢᠨ ᠳᠠᠮᠠᠭ᠎ᠠ ᠲᠡᠶ ᠭᠠᠵᠠᠷ ᠤᠨ ᠭᠡ ᠶᠢ ᠳᠤᠭᠠᠯᠠᠵᠤ ᠴᠢᠩᠨᠠᠮᠠᠷ
ᠳᠡᠮᠡᠭᠡᠨ ᠨᠤᠤᠰᠤᠨ ᠳᠠᠭᠢ ᠡᠴᠦᠰ ᠤᠨ ᠠᠮᠢᠰᠬᠤᠭ᠎ᠠ ᠶᠢ ᠵᠢᠷᠦᠭᠡ ᠪᠠᠷ ᠶᠢᠡᠨ ᠴᠢᠩᠨᠠᠮᠠᠷ
ᠮᠤᠳᠤᠨ ᠤ ᠭᠤᠮᠤᠳᠠᠯ ᠢ ᠳᠦᠯᠡᠢ ᠭᠦᠮᠤᠨ ᠰᠢᠭ᠌ ᠳᠦᠯᠠᠷᠠᠵᠤ ᠴᠢᠩᠨᠠᠮᠠᠷ
ᠣᠳᠤᠨ ᠤ ᠳᠤᠶᠠᠭ᠎ᠠ ᠶᠢ ᠰᠤᠬᠤᠷ ᠭᠦᠮᠤᠨ ᠰᠢᠭ᠌ ᠳᠠᠮᠳᠠᠷᠢᠵᠤ ᠴᠢᠩᠨᠠᠮᠠᠷ
ᠨᠠᠰᠤ ᠪᠠᠨ ᠳ᠋ᠦ᠋ᠩᠨᠡᠭ᠍ᠰᠡᠨ ᠰᠦᠨᠠᠰᠤᠨ ᠤ ᠳᠠᠢ᠌ᠯᠤᠯ ᠢ ᠪᠦᠭᠦᠵᠤ ᠴᠢᠩᠨᠠᠮᠠᠷ
ᠶᠠᠰᠤ ᠪᠠᠨ ᠴᠠᠢ᠌ᠯᠭᠠᠭᠰᠠᠨ ᠳᠡᠭᠡᠳᠦᠰ ᠤᠨ ᠰᠤᠷᠭᠠᠯ ᠢ ᠨᠡᠭᠡᠵᠤ ᠴᠢᠩᠨᠠᠮᠠᠷ
ᠨᠠᠳᠠ ᠡᠴᠡ ᠥᠭᠡᠷ᠎ᠡ ᠶᠠᠭᠤ ᠪᠦᠭᠦᠨ ᠢ ᠭᠡᠳᠡᠵᠤ ᠴᠢᠩᠨᠠᠮᠠᠷ
ᠨᠠᠰᠤᠨ ᠡᠴᠡ ᠪᠠᠨ ᠪᠣᠰᠤᠳ ᠶᠠᠭᠤᠮ᠎ᠠ ᠪᠦᠭᠦᠢ ᠶᠢ ᠰᠢᠭᠦᠵᠤ ᠴᠢᠩᠨᠠᠮᠠᠷ
ᠨᠠᠮ ᠵᠢᠮ
ᠳᠤᠰᠤᠯᠬᠠᠨ ᠨᠢᠯᠪᠣᠰᠤᠨ ᠳᠤ ᠴᠤ ᠵᠠᠢ᠌ᠷᠳᠤᠳᠠᠭ ᠳᠡᠯᠡᠭᠡᠢ ᠡᠵᠢ ᠳᠡᠭᠡᠨ
ᠭᠦᠢ ᠶᠢ ᠮᠢᠨᠢ ᠳᠠᠷᠤᠭᠰᠠᠨ ᠴᠢᠯᠠᠭᠤ ᠪᠠᠷ ᠠᠷᠭᠠᠮᠵᠢᠵᠤ
ᠭᠦᠮᠤᠨ ᠰᠤᠳᠤᠨ ᠬᠠᠢ᠌ᠷ᠎ᠠ ᠪᠠᠷ ᠵᠢᠷᠦᠭᠡ ᠶᠢ ᠮᠢᠨᠢ ᠰᠥᠯᠡᠭ᠍ᠰᠡᠨ
ᠭᠦᠯ ᠳᠤ ᠣᠷᠤᠬᠤ ᠳᠤ ᠳᠠᠯ᠎ᠠ ᠨᠢ ᠲᠦᠰᠢᠵᠤ
ᠭᠦᠪᠠᠭᠡ ᠦᠭᠡᠶ ᠠᠯᠤᠰ ᠳᠠᠰᠢ ᠰᠠᠨᠠᠭ᠎ᠠ ᠶᠢ ᠭᠦᠳᠦᠯᠦᠭ᠍ᠰᠡᠨ
ᠭᠦ ᠰᠥ᠋ ᠬᠠᠷᠰᠢᠭᠰᠠᠨ ᠡᠳᠦᠷ ᠰᠦᠨᠢ ᠪᠠᠨ ᠠᠷᠭᠠᠳᠠᠵᠤ
ᠨᠠᠷᠠᠨ ᠰᠠᠷᠠᠨ ᠣᠳᠤ ᠨᠢ ᠭᠡᠷᠡᠯ ᠶᠢᠡᠷ ᠶᠢᠡᠨ ᠳᠤᠭᠯᠠᠭᠰᠠᠨ
ᠭᠦᠭᠡᠷᠦᠭᠦᠨ ᠠᠯᠠᠭ ᠨᠢᠳᠤᠨ ᠤ ᠳᠤᠰᠤᠯᠬᠠᠨ ᠨᠢᠯᠪᠣᠰᠤᠨ ᠳᠤ ᠴᠤ ᠵᠠᠢ᠌ᠷᠳᠤᠳᠠᠭ
ᠭᠦᠪᠴᠢᠨ ᠶᠡᠭᠡ ᠳᠡᠯᠡᠭᠡᠢ ᠮᠢᠨᠢ ᠡᠮᠵᠡᠭ᠍ᠭᠡᠨ ᠨᠢ ᠠᠷᠭ᠎ᠠ ᠦᠭᠡᠶ
ᠴᠠᠰᠤᠨ ᠤ ᠮᠦᠷ
ᠰᠢᠨᠡᠭᠡᠨ ᠴᠠᠰᠤᠨ ᠤ ᠳᠠᠷᠠᠭ᠎ᠠ ᠴᠠᠭᠠᠨ ᠳᠡᠯᠡᠭᠡᠢ ᠪᠣᠯᠤᠨ᠎ᠠ
ᠰᠢᠯᠢ ᠳᠠᠪᠠᠭᠤᠯᠤᠨ ᠳᠡᠭ᠍ᠷᠢ ᠶᠢᠨ ᠬᠠᠶᠠᠭᠠᠨ ᠳᠤ ᠬᠠᠷᠠᠭ᠎ᠠ ᠣᠨᠠᠨ᠎ᠠ
ᠴᠠᠭᠠᠰᠤᠨ ᠳᠡᠭᠡᠷ᠎ᠡ ᠪᠠᠭᠤᠬᠤ ᠰᠢᠯᠦᠭ᠌ ᠤᠨ ᠣᠩᠭ᠋ᠤᠳ ᠮᠠᠳᠤ
ᠴᠠᠰᠤᠨ ᠤ ᠡᠯᠢᠭᠡ ᠭᠡᠳᠡᠭᠡᠯᠡᠵᠤ ᠮᠦᠷ ᠶᠢᠡᠨ ᠥᠯᠡᠳᠡᠭᠡᠵᠤ ᠣᠳᠤᠨ᠎ᠠ
ᠰᠦᠨ ᠰᠠᠴᠤᠯᠢ ᠡᠷᠭᠦᠭ᠍ᠰᠡᠨ ᠴᠠᠢ᠌ᠯᠭᠠᠨ ᠰᠠᠨᠠᠭᠠᠨ ᠤ ᠦᠷᠦ ᠳᠡᠭᠡᠭᠦᠷ
ᠰᠦᠮᠠᠢ᠌ᠨ ᠰᠥᠮᠡᠢ᠌ᠭᠦ ᠠᠯᠤᠰ ᠲᠤ ᠢᠷᠦᠭᠡᠯ ᠤᠨ ᠬᠠᠳᠠᠭ ᠳᠡᠯᠭᠡᠵᠤ ᠣᠴᠢᠨ᠎ᠠ
ᠳᠠᠯ᠎ᠠ ᠶᠢ ᠳᠤᠭᠤᠯᠵᠤ ᠠᠭᠤᠯᠠ ᠶᠢ ᠳᠠᠪᠠᠵᠤ ᠨᠠᠷᠠᠨ ᠳᠤ ᠭᠦᠷᠦᠨ᠎ᠡ
ᠳᠠᠪᠤᠨ ᠥᠩᠭᠡ ᠶᠢᠨ ᠴᠡᠴᠡᠭ᠌ ᠮᠦᠷ ᠢ ᠨᠢ ᠴᠢᠮᠠᠵᠤ ᠣᠷᠭᠤᠨ᠎ᠠ
ᠳᠠᠩᠭᠢᠯ ᠭᠦᠭᠡᠷᠦᠭᠦᠨ ᠡᠷᠪᠠᠭᠡᠢ ᠴᠠᠰᠤᠨ ᠤ ᠥᠩᠭᠡ ᠳᠠᠭᠤᠴᠠᠯᠳᠤᠨ
ᠳᠠᠪᠤᠨ ᠳᠢᠪ ᠢ ᠳᠤᠭᠤᠷᠢᠭᠠᠤᠨ ᠳᠦᠷᠪᠡᠨ ᠣᠯᠠᠷᠢᠯ ᠳᠤ ᠭᠦᠷᠦᠨ᠎ᠡ
ᠴᠠᠰᠤ ᠴᠠᠭᠠᠨ ᠳᠡᠯᠡᠭᠡᠢ ᠳᠤ ᠮᠦᠷ ᠶᠢᠡᠨ ᠥᠯᠡᠳᠡᠭᠡᠵᠤ ᠣᠳᠤᠭᠰᠠᠨ
ᠴᠠᠭᠠᠨ ᠪᠣᠭᠤᠷᠤᠯ ᠨᠠᠰᠤᠳᠠᠤᠨ ᠢ ᠴᠠᠭ ᠤᠨ ᠰᠠᠭᠠᠬᠠᠯᠳᠠ ᠳᠤ ᠳᠤᠷᠠᠰᠤᠨ᠎ᠠ
ᠴᠢᠷᠮᠠᠨ ᠨᠢᠴᠦᠭᠦᠨ ᠢᠷᠡᠭ᠍ᠰᠡᠨ ᠭᠦᠮᠤᠨ ᠵᠠᠶᠠᠭᠠᠨ ᠤ ᠳᠤᠤᠯᠢ
ᠰᠠᠷ᠎ᠠ ᠨᠠᠷᠠ ᠶᠢᠨ ᠳᠤᠭᠤᠷᠢᠯᠳᠠ ᠪᠠᠷ ᠠᠶᠠᠨ ᠤ ᠭᠠᠷᠤᠭ᠎ᠠ ᠪᠠᠨ ᠡᠭᠢᠯᠡᠨ᠎ᠡ
ᠵᠤᠬᠢᠶᠠᠭᠴᠢ᠄ ᠭ·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2747
ᠴᠠᠭ᠄ 2009 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ