☆ ᠭᠠᠳᠠᠨ
ᠬᠠᠷᠠᠢ᠌ᠵᠤ ᠥᠭᠦᠭᠦ ᠯᠠ ᠦᠯᠠᠳᠠᠨ᠎ᠠ
ᠣᠳᠤᠭᠢ ᠭᠦᠮᠦᠰ ᠣᠯᠠᠢ᠌ᠭᠰᠠᠨ ᠨᠢᠳᠤ ᠪᠠᠷ ᠡᠷᠡᠢ᠌ᠭᠡᠳ
ᠣᠯᠵᠤ ᠠᠯᠳᠠᠬᠤ ᠰᠠᠨᠠᠭ᠎ᠠ ᠭᠦᠯᠦᠭ᠌ ᠶᠢᠡᠨ ᠭᠤᠶᠠᠳᠠᠬᠤ ᠳᠤ
ᠣᠨᠢᠶᠠᠷ ᠳᠠᠳᠠᠭᠰᠠᠨ ᠣᠷᠭᠤᠮᠠᠯ ᠨᠤᠭᠤᠭᠠᠨ ᠳᠡᠯᠡᠭᠡᠢ
ᠣᠯᠠ ᠶᠢ ᠨᠢ ᠳᠠᠭᠠᠭᠠᠤᠨ ᠰᠢᠷᠭᠢᠭ᠍ᠰᠡᠨ ᠨᠢᠳᠤ ᠰᠢᠭ᠌ ᠬᠠᠳᠠᠨ᠎ᠠ
ᠣᠰᠤ ᠲᠡᠶ ᠳᠤᠩᠭ᠋ᠠᠯᠠᠭ ᠰᠦᠯ ᠡᠷᠭᠦᠭ᠍ᠰᠡᠨ ᠨᠤᠳᠤᠭ
ᠴᠢᠰᠤ ᠲᠡᠶ ᠳᠠᠷᠭᠤᠨ ᠣᠯᠤᠭᠠᠢ ᠪᠣᠷᠳᠤᠭᠠᠤᠨ ᠣᠨᠠᠬᠤ ᠳᠤ
ᠣᠢ ᠲᠡᠶ ᠴᠡᠩᠭᠡᠷ ᠣᠨᠢᠶᠠᠷ ᠭᠦᠪᠳᠡᠭ᠌ ᠠᠭᠤᠯᠠ ᠮᠢᠨᠢ
ᠳᠠᠭᠤᠤ ᠲᠡᠶ ᠴᠡᠯᠡᠭᠡᠷ ᠮᠥᠷᠦᠭᠡᠳᠦᠯ ᠪᠣᠯᠤᠭᠠᠤᠨ ᠶᠠᠪᠣᠨ᠎ᠠ
ᠣᠳᠠᠰᠤ ᠪᠠᠷ ᠭᠡᠷᠡᠯᠳᠦᠭᠦ ᠴᠠᠭᠢᠯᠭᠠᠨ ᠳ᠋ᠸᠩ ᠤᠨ ᠳᠤᠤᠷ᠎ᠠ
ᠣᠯᠠᠮ ᠣᠯᠠᠮ ᠠᠳᠢᠰᠬᠠ ᠠᠳᠠᠯᠢ ᠠᠳᠤᠷᠢᠵᠤ
ᠣᠪᠣᠭ ᠲᠦᠷᠦᠯ ᠤᠨ ᠶᠢᠡᠨ ᠭᠦᠢ ᠨᠢᠭᠡᠳᠦᠯ ᠳᠤ ᠣᠷᠤᠮᠠᠷ
ᠣᠬᠠᠭᠠᠠᠳᠤ ᠡᠪᠦᠭᠡᠳ ᠤᠨ ᠵᠢᠠᠨ ᠬᠠᠳᠠᠭᠤ ᠭᠦᠷᠦᠩᠭᠡ ᠭᠡᠮᠡᠯᠢᠨᠡ
ᠣᠷᠳᠤ ᠵᠥᠭ᠌ ᠡᠴᠡ ᠢᠳᠡᠭ᠍ᠳᠡᠨ ᠢᠳᠡᠭ᠍ᠳᠡᠵᠤ ᠢᠷᠡᠭᠡᠳ
ᠣᠬᠤᠷᠢᠵᠤ ᠳᠤᠳᠠᠭᠠᠬᠤ ᠳᠤᠭᠤᠠᠳᠠᠮᠤᠷ ᠰᠢᠭ ᠨᠤᠳᠤᠭ
ᠣᠳᠤ ᠵᠠᠯᠭᠠᠭᠠᠤᠨ ᠪᠠᠰᠠ ᠣᠬᠤᠷᠢᠬᠤ ᠳᠤ ᠭᠦᠷᠪᠠᠯ
ᠣᠷᠭᠤᠭ᠎ᠠ ᠬᠠᠳᠠᠨ ᠡᠴᠡ ᠬᠠᠷᠠᠢ᠌ᠵᠤ ᠥᠭᠦᠭᠦ ᠯᠠ ᠦᠯᠠᠳᠠᠨ᠎ᠠ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2739
ᠴᠠᠭ᠄ 2009 ᠤᠨ ᠤ 02 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ