ᠨᠡᠪᠲᠡᠷᠡᠨ ᠤᠷᠤᠬᠤ
ᠠᠷᠪᠠᠨ ᠬᠤᠶᠠᠷ ᠰᠠᠷ᠎ᠠ

ᠴᠠᠭᠠᠨ ᠰᠠᠷ᠎ᠠ


ᠠᠯᠠᠭᠠᠨ ᠪᠢᠴᠢᠭ᠌ ᠤᠨ ᠭᠡᠭᠡᠨ ᠶᠢᠡᠷ ᠳᠡᠭ᠍ᠷᠢ ᠵᠤᠯᠠ ᠳᠤ ᠪᠠᠨ ᠮᠥᠷᠭᠦᠨ

ᠠᠮᠠᠨ ᠪᠢᠯᠢᠭ᠌ ᠤᠨ ᠢᠷᠦᠭᠡᠯ ᠶᠢᠡᠷ ᠨᠠᠰᠤᠨ ᠬᠤᠳᠤᠭ ᠢ ᠨᠡᠮᠡᠭᠡᠳ

ᠠᠮᠤᠷ ᠰᠠᠢ᠌ᠬᠠᠨ ᠮᠠᠠᠳᠤᠴᠢᠯᠠᠯ ᠶᠢᠡᠷ ᠰᠠᠮᠪᠠᠢ ᠬᠠᠳᠠᠭ ᠶᠢᠡᠨ ᠰᠤᠯᠢᠯᠴᠠᠭᠰᠠᠨ

ᠠᠩᠬᠠᠨ ᠵᠢᠯ ᠤᠨ ᠦᠯᠵᠡᠢ᠌ᠳᠤ ᠪᠠᠷᠰ ᠴᠤᠯᠠ ᠲᠡᠶ ᠴᠠᠭᠠᠨ ᠰᠠᠷ᠎ᠠ᠃


ᠦᠣᠷ ᠤᠨ ᠬᠠᠷᠠᠩᠭ᠋ᠤᠢ ᠳᠤ ᠭᠦᠵᠢᠰ ᠠᠰᠠᠭᠠᠵᠤ ᠮᠥᠩᠭᠡ ᠳᠡᠭ᠍ᠷᠢ ᠳᠤ ᠮᠥᠷᠭᠦᠳᠡᠭ᠌

ᠦᠵᠡᠮᠵᠢᠳᠤ ᠴᠠᠭᠠᠨ ᠊ᠭ᠍‍ᠭᠢᠪ ᠢ ᠳᠡᠯᠭᠡᠵᠤ ᠠᠮᠤᠭᠤᠯᠠᠩ ᠢ ᠡᠷᠢᠵᠤ ᠶᠤᠰᠤᠯᠠᠳᠠᠭ

ᠥᠨᠡᠭᠡᠷ ᠨᠠᠰᠤᠨ ᠬᠤᠳᠤᠭ ᠨᠡᠮᠡᠭ᠍ᠰᠡᠨ ᠲᠦᠮᠡᠨ ᠪᠠᠶᠠᠷ ᠪᠣᠯᠳᠠᠭ

ᠦᠨᠳᠦᠰᠦᠳᠠᠨ ᠣᠯᠠᠨ ᠤ ᠣᠯᠠᠮᠵᠢᠯᠠᠯᠳᠤ ᠪᠠᠷᠰ ᠭᠡᠮᠡᠭᠦ ᠴᠠᠭᠠᠨ ᠰᠠᠷ᠎ᠠ᠃


ᠬᠠᠪᠣᠷ ᠤᠨ ᠳᠤᠮᠳᠠᠳᠤ ᠰᠠᠷ᠎ᠠ


ᠬᠠᠩᠭ᠋ᠠᠢ ᠶᠢᠨ ᠴᠠᠰᠤᠨ ᠭᠡᠪ ᠶᠢᠡᠷ ᠬᠠᠭᠳᠠ ᠡᠪᠠᠰᠤ ᠶᠢ ᠳᠠᠷᠤᠵᠤ ᠪᠠᠢ᠌ᠳᠠᠭ

ᠬᠠᠭᠰᠠᠷᠠᠭᠠᠨ ᠰᠠᠯᠭᠢᠨ ᠥᠷᠭᠦᠯᠵᠢᠯᠡᠨ ᠬᠠᠮᠬᠤᠤᠯ ᠰᠢᠷᠤᠢ ᠶᠢ ᠳᠡᠭ᠍ᠳᠡᠭᠡᠵᠤ ᠪᠠᠢ᠌ᠳᠠᠭ

ᠬᠠᠮᠤᠭ ᠮᠠᠯ ᠡᠴᠡᠷᠳᠡᠭᠡᠳ ᠬᠠᠳᠠᠩᠭᠢᠷ ᠳᠤᠷᠤᠢ ᠪᠠᠨ ᠳᠦᠩᠭᠡᠵᠤ ᠪᠠᠢ᠌ᠳᠠᠭ

ᠬᠠᠪᠢᠷᠭ᠎ᠠ ᠨᠠᠪᠳᠠ ᠵᠢᠪᠠᠷᠳᠤ ᠬᠠᠪᠣᠷ ᠤᠨ ᠳᠤᠮᠳᠠᠳᠤ ᠳᠠᠤᠯᠠᠢ ᠰᠠᠷ᠎ᠠ᠃


ᠣᠭᠠᠯᠵᠠᠯᠠᠨ ᠱᠤᠤᠭᠢᠬᠤ ᠰᠠᠯᠭᠢ ᠪᠠᠷ ᠬᠠᠪᠢᠷᠭ᠎ᠠ ᠨᠠᠪᠳᠠ ᠦᠯᠢᠶᠠᠨ

ᠣᠯᠠᠭᠠᠨ ᠪᠣᠭᠤᠷᠤᠯ ᠳᠤᠭᠤᠰᠤ ᠪᠠᠷ ᠭᠦᠷᠦᠰᠦᠳᠤ ᠳᠡᠯᠡᠭᠡᠢ ᠶᠢ ᠪᠦᠳᠡᠭᠡᠭᠡᠳ

ᠣᠷᠭᠤᠮᠠᠯ ᠤᠨ ᠬᠠᠭᠳᠠ ᠨᠢᠮᠭᠡᠷᠡᠭᠡᠳ ᠮᠠᠯ ᠤᠨ ᠴᠢᠮᠦᠭᠡ ᠶᠢ ᠰᠢᠯᠭᠠᠭᠰᠠᠨ

ᠣᠯᠠᠷᠢᠯ ᠤᠨ ᠬᠠᠳᠠᠭᠤ ᠪᠣᠭᠤᠮᠳᠠ ᠬᠠᠪᠣᠷ ᠤᠨ ᠳᠤᠮᠳᠠ ᠳᠠᠤᠯᠠᠢ ᠰᠠᠷ᠎ᠠ᠃


ᠬᠠᠪᠣᠷ ᠤᠨ ᠰᠡᠭᠦᠯ ᠰᠠᠷ᠎ᠠ


ᠣᠯᠠᠷᠢᠯ ᠪᠠᠬᠠᠨ ᠳᠦᠭᠦᠵᠤ ᠣᠰᠤ ᠣᠷᠤᠰᠬᠠᠯ ᠳᠤᠯᠭᠢᠶᠠᠯᠠᠨ ᠳᠠᠪᠠᠯᠭᠠᠯᠠᠳᠠᠭ

ᠣᠷᠢᠨ ᠳᠤᠯᠠᠭᠠᠨ ᠨᠡᠮᠡᠭ᠍ᠳᠡᠵᠤ ᠣᠷᠭᠤᠮᠠᠯ ᠤᠨ ᠨᠢᠯᠬ᠎ᠠ ᠰᠤᠶᠤᠭ᠎ᠠ ᠴᠤᠭᠣᠢ᠌ᠳᠠᠭ

ᠣᠭᠤᠷᠠᠭ ᠰᠦᠨ ᠳᠡᠯᠭᠡᠷᠡᠵᠤ ᠣᠭᠵᠢᠬᠤ ᠴᠠᠳᠬᠤᠬᠤ ᠡᠯᠪᠠᠭ᠌ ᠪᠣᠯᠳᠠᠭ

ᠣᠷᠮ᠎ᠠ ᠵᠤᠷᠢᠭ ᠳᠡᠭᠦᠯᠳᠡᠷ ᠬᠠᠪᠣᠷ ᠤᠨ ᠰᠡᠭᠦᠯ ᠯᠤᠤ ᠰᠠᠷ᠎ᠠ᠃


ᠨᠠᠷᠠᠨ ᠤ ᠳᠠᠰᠢᠭᠤ ᠳᠡᠭᠡᠭ᠍ᠰᠢᠯᠡᠭᠡᠳ ᠨᠤᠭᠤᠭ᠎ᠠ ᠶᠢᠨ ᠬᠤᠰᠢᠭᠤ ᠰᠤᠭᠤᠷᠠᠨ

ᠨᠡᠭᠡᠭᠡᠭ᠍ᠰᠡᠨ ᠬᠠᠩᠰᠢ ᠪᠠᠨ ᠳᠤᠷᠠᠰᠬᠠᠨ ᠥᠭᠯᠢᠭᠡ ᠳᠠᠭᠢᠯᠭ᠎ᠠ ᠪᠠᠨ ᠡᠷᠭᠦᠭᠡᠳ

ᠨᠢᠯᠬ᠎ᠠ ᠳᠤᠭᠤᠯ ᠤᠳ ᠴᠢᠭ᠍ᠴᠢᠭᠡᠳ ᠬᠤᠨᠢᠨ ᠤ ᠳᠠᠭᠤᠨ ᠴᠢᠩᠭ᠋ᠠᠷᠠᠭᠰᠠᠨ

ᠨᠠᠰᠤᠨ ᠳᠤᠷᠰᠢ ᠭᠦᠰᠡᠯᠳᠡᠢ ᠬᠠᠪᠣᠷ ᠤᠨ ᠡᠴᠦᠰ ᠯᠤᠤ ᠰᠠᠷ᠎ᠠ᠃


ᠵᠤᠨ ᠤ ᠳᠡᠷᠢᠭᠦᠨ ᠰᠠᠷ᠎ᠠ


ᠪᠣᠭᠤᠷᠤᠯ ᠨᠠᠰᠤᠳᠠᠨ ᠵᠤᠭᠠᠴᠠᠭᠠᠤᠨ ᠲᠦᠮᠡᠨ ᠤ ᠮᠠᠩᠨᠠᠢ ᠳᠠᠨᠢ᠌ᠨ

ᠪᠣᠷᠤᠭᠠᠨ ᠬᠤᠷ᠎ᠠ ᠡᠯᠪᠠᠭ᠍ᠵᠢᠭᠡᠳ ᠵᠢᠯ ᠤᠨ ᠥᠩᠭᠡ ᠪᠠᠨ ᠰᠤᠩᠭ᠋ᠤᠭᠠᠤᠨ

ᠪᠣᠷᠭᠠᠰᠤ ᠨᠠᠢ᠌ᠯᠵᠠᠭᠤᠷ ᠭᠦᠯᠦᠭᠡᠯᠡᠭᠡᠳ ᠨᠤᠮᠢᠨ ᠠᠯᠴᠢᠭᠤᠷ ᠬᠠᠶᠠᠯᠠᠭᠰᠠᠨ

ᠪᠣᠶᠠᠨ ᠵᠢᠷᠭᠠᠯ ᠤᠨ ᠦᠨᠳᠦᠰᠦ ᠵᠤᠨ ᠤ ᠡᠭᠢᠨ ᠮᠤᠭᠠᠢ ᠰᠠᠷ᠎ᠠ᠃


ᠪᠣᠷᠤᠭᠠᠨ ᠬᠤᠷ᠎ᠠ ᠡᠯᠪᠠᠭ᠍ᠰᠡᠨ ᠨᠠᠪᠴᠢ ᠨᠠᠭᠢᠶ᠎ᠠ ᠳᠡᠯᠡᠭᠡᠢ ᠳᠦᠭᠡᠳᠡᠭ᠌

ᠪᠣᠯᠵᠤᠮᠤᠷ ᠰᠢᠪᠠᠭᠤ ᠵᠢᠷᠭᠢᠭᠡᠳ ᠲᠦᠮᠡᠨ ᠪᠣᠳᠠᠰ ᠠᠮᠢᠯᠠᠨ ᠪᠠᠶᠠᠰᠳᠠᠭ

ᠪᠣᠷᠬᠠᠨ ᠪᠠᠭᠰᠢ ᠶᠢᠨ ᠲᠦᠷᠦᠵᠤ ᠮᠡᠡᠳᠦᠯᠡᠭ᠍ᠰᠡᠨ ᠱᠠᠰᠢᠨ ᠤ ᠳᠡᠦᠭᠡ ᠶᠢ ᠳᠤᠷᠠᠰᠬᠠᠳᠠᠭ

ᠪᠣᠶᠠᠨ ᠣᠢ᠌ᠯᠠᠰ ᠢ ᠪᠦᠳᠦᠭᠡᠭᠦ ᠵᠤᠨ ᠤ ᠳᠡᠷᠢᠭᠦᠨ ᠮᠤᠭᠠᠢ ᠰᠠᠷ᠎ᠠ᠃


ᠵᠤᠨ ᠤ ᠳᠤᠮᠳᠠᠳᠤ ᠰᠠᠷ᠎ᠠ


ᠰᠦᠯᠳᠡ ᠭᠡᠢ ᠮᠤᠷᠢ ᠮᠠᠠᠳᠤᠨ ᠴᠡᠴᠡᠭ᠌ ᠨᠠᠪᠴᠢ ᠭᠠᠩᠬᠤᠳᠠᠭ

ᠰᠥᠷᠦᠭ᠌ ᠮᠠᠯ ᠥᠷᠡᠵᠢᠭᠡᠳ ᠬᠠᠩᠭ᠋ᠠᠢ ᠭᠤᠪᠢ ᠶᠢ ᠳᠦᠭᠦᠷᠭᠡᠵᠤ ᠪᠢᠯᠬᠠᠭᠤᠯᠳᠠᠭ

ᠰᠦᠨ ᠰᠢᠮ᠎ᠠ ᠠᠷᠪᠢᠵᠢᠭᠠᠤᠨ ᠭᠠᠩᠭ᠋᠎ᠠ ᠮᠦᠷᠠᠨ ᠮᠠᠳᠤ ᠴᠠᠯᠭᠢᠯᠠᠳᠠᠭ

ᠰᠦᠮᠪᠦᠷ ᠬᠠᠨ ᠢ ᠳᠠᠭᠢᠬᠤ ᠵᠤᠨ ᠤ ᠳᠤᠮᠳᠠᠳᠤ ᠮᠤᠷᠢᠨ ᠰᠠᠷ᠎ᠠ᠃


ᠵᠤᠯᠠᠢ ᠰᠢᠳᠠᠮ᠎ᠠ ᠬᠠᠯᠠᠭᠤᠨ ᠳᠤ ᠣᠨᠠᠭ᠎ᠠ ᠰᠡᠭᠦᠯ ᠶᠢᠡᠨ ᠭᠦᠪᠢᠭᠦᠷᠳᠡᠨ

ᠵᠤᠵᠠᠭᠠᠷᠠᠭᠰᠠᠨ ᠰᠥᠷᠦᠭ᠌ ᠤᠨ ᠳᠡᠷᠭᠡᠳᠡ ᠯᠢᠩᠪᠤᠨ ᠬᠤᠭᠤᠯᠠᠢ ᠵᠢᠩᠭᠢᠨᠡᠭᠡᠳ

ᠵᠤᠰᠠᠯᠠᠩ ᠰᠠᠭᠠᠯᠢ ᠪᠠᠷ ᠮᠥᠷᠥᠢᠴᠡᠭᠡᠳ ᠪᠦᠰᠡᠭᠦᠢ ᠬᠡᠦᠬᠡᠳ ᠤᠳ ᠶᠠᠭᠠᠷᠠᠭᠰᠠᠨ

ᠵᠤᠯᠠᠭ ᠨᠠᠭᠠᠳᠤᠮ ᠤᠨ ᠴᠡᠩᠭᠡᠯᠳᠡᠢ ᠵᠤᠨ ᠤ ᠳᠤᠮᠳᠠ ᠮᠤᠷᠢᠨ ᠰᠠᠷ᠎ᠠ᠃


ᠵᠤᠨ ᠤ ᠰᠡᠭᠦᠯ ᠰᠠᠷ᠎ᠠ


ᠣᠷᠭᠤᠮᠠᠯ ᠤᠨ ᠰᠢᠮ᠎ᠠ ᠪᠦᠷᠢᠳᠤᠨ ᠦᠷ᠎ᠡ ᠵᠢᠮᠢᠰ ᠶᠢᠡᠨ ᠳᠡᠯᠭᠡᠨ ᠳᠡᠭᠦᠯᠳᠡᠷᠵᠢᠳᠡᠭ᠌

ᠣᠨᠤᠭ᠎ᠠ ᠮᠠᠯ ᠳᠠᠷᠭᠤᠯᠠᠨ ᠭᠦᠮᠤᠨ ᠤ ᠰᠡᠳᠭᠢᠯ ᠪᠠᠶᠠᠰᠤᠨ ᠳᠡᠨᠢ᠌ᠳᠡᠭ᠌

ᠣᠰᠤᠨ ᠤ ᠰᠢᠮ᠎ᠠ ᠰᠠᠢ᠌ᠵᠢᠷᠠᠵᠤ ᠷᠠᠰᠢᠶᠠᠨ ᠪᠣᠯᠤᠨ ᠡᠪᠡᠳᠴᠢᠨ ᠢ ᠠᠨᠠᠭᠠᠳᠠᠭ

ᠣᠤᠭᠤᠬᠤ ᠣᠭᠢᠶᠠᠬᠤ ᠶᠢᠨ ᠠᠴᠢᠳᠤ ᠵᠤᠨ ᠤ ᠰᠡᠭᠦᠯ ᠬᠤᠨᠢᠨ ᠰᠠᠷ᠎ᠠ᠃


ᠣᠷᠴᠢᠯᠠᠩ ᠤᠨ ᠦᠵᠡᠮᠵᠢ ᠰᠢᠨᠡᠵᠢᠭᠡᠳ ᠮᠠᠯ ᠤᠨ ᠳᠠᠷᠭᠤ ᠶᠢ ᠳᠠᠭᠠᠭᠠᠴᠢᠯᠠᠨ

ᠣᠰᠤᠨ ᠤ ᠰᠢᠪᠠᠭᠤᠳ ᠰᠢᠭᠢᠳᠤᠨ ᠨᠠᠭᠤᠷ ᠤᠨ ᠴᠢᠮᠡᠭ᠌ ᠢ ᠬᠠᠳᠠᠭᠠᠯᠠᠭᠠᠤᠨ

ᠣᠭᠢᠶᠠᠯ ᠷᠠᠰᠢᠶᠠᠨ ᠤ ᠪᠣᠯᠠᠭ ᠤᠳ ᠵᠤᠷ ᠪᠦᠷᠢᠳᠤᠨ ᠬᠤᠷᠴᠢᠭᠢᠨᠠᠭᠰᠠᠨ

ᠣᠯᠢᠶᠠᠷᠬᠠᠭ ᠳᠡᠯᠭᠡᠷ ᠵᠤᠨ ᠤ ᠭᠤᠷᠪᠠᠨ ᠬᠠᠯᠠᠭᠤᠨ ᠬᠤᠨᠢᠨ ᠰᠠᠷ᠎ᠠ᠃


ᠨᠠᠮᠤᠷ ᠤᠨ ᠳᠡᠷᠢᠭᠦᠨ ᠰᠠᠷ᠎ᠠ


ᠡᠷᠭᠢᠰ ᠴᠡᠴᠡᠭ᠌ ᠤᠳ ᠮᠥᠰᠢᠶᠡᠯᠴᠡᠭᠡᠳ ᠥᠩᠭᠡ ᠰᠤᠳᠤᠨ ᠢ ᠭᠠᠢ᠌ᠬᠠᠭᠤᠯᠤᠨ

ᠡᠯᠳᠡᠪ ᠵᠣᠢ᠌ᠯ ᠤᠨ ᠣᠷᠭᠤᠮᠠᠯ ᠤᠳ ᠰᠢᠮ᠎ᠠ ᠳᠤᠰᠤᠨ ᠢ ᠵᠠᠯᠭᠢᠭᠠᠤᠨ

ᠡᠰᠡᠷᠸ᠎ᠡ ᠳᠡᠭ᠍ᠷᠢ ᠶᠢᠨ ᠳᠠᠩᠨᠠᠢ ᠳᠤ ᠰᠤᠯᠤᠩᠭ᠋᠎ᠠ ᠶᠢᠨ ᠭᠦᠮᠦᠰᠭᠡ ᠶᠢ ᠵᠢᠷᠤᠭᠰᠠᠨ

ᠢᠯᠴᠢᠳᠤ ᠨᠠᠷᠠᠨ ᠤ ᠡᠷᠭᠢᠭᠦ ᠨᠠᠮᠤᠷ ᠤᠨ ᠳᠡᠷᠢᠭᠦᠨ ᠪᠠᠴᠢᠨ ᠰᠠᠷ᠎ᠠ᠃


ᠨᠠᠮᠢᠷᠠᠭ᠎ᠠ ᠬᠤᠷ᠎ᠠ ᠵᠦᠰᠠᠷᠠᠨ ᠠᠮᠢᠳᠠᠨ ᠤ ᠰᠦᠷ ᠰᠦᠯᠳᠡ ᠰᠡᠷᠭᠦᠳᠡᠭ᠌

ᠨᠠᠪᠴᠢ ᠴᠡᠴᠡᠭ᠌ ᠪᠣᠯᠪᠠᠰᠤᠷᠠᠨ ᠥᠩᠭᠡ ᠦᠵᠡᠮᠵᠢ ᠦᠯᠡᠮᠵᠢ ᠨᠡᠮᠡᠭ᠍ᠳᠡᠳᠡᠭ᠌

ᠨᠠᠢ᠌ᠷ ᠨᠠᠭᠠᠳᠤᠮ ᠳᠦᠭᠡᠮᠡᠯ ᠴᠠᠭ ᠠᠭᠤᠷ ᠵᠤᠭᠢᠮᠵᠢᠳᠠᠢ ᠢᠪᠠᠭᠡᠳᠡᠭ᠌

ᠨᠠᠷᠠ ᠳᠣᠢ᠌ᠯ ᠡᠴᠡ ᠡᠷᠭᠢᠭᠦ ᠨᠠᠮᠤᠷ ᠤᠨ ᠳᠡᠷᠢᠭᠦᠨ ᠪᠠᠴᠢᠨ ᠰᠠᠷ᠎ᠠ᠃


ᠨᠠᠮᠤᠷ ᠤᠨ ᠳᠤᠮᠳᠠᠳᠤ ᠰᠠᠷ᠎ᠠ


ᠦᠷ᠎ᠡ ᠵᠢᠮᠢᠰ ᠪᠣᠯᠪᠠᠰᠤᠷᠠᠨ ᠦᠨᠦᠷ ᠠᠮᠳᠠ ᠳᠠᠩᠰᠤᠭ ᠪᠣᠯᠳᠠᠭ

ᠦᠳᠡᠰᠢ ᠥᠷᠯᠦᠭᠡ ᠵᠢᠭᠡᠭᠦᠭᠡᠨ ᠰᠡᠷᠢᠭᠦᠨ ᠣᠯᠠᠷᠢᠯ ᠤᠨ ᠰᠢᠠᠵᠢ ᠡᠭᠢᠯᠡᠳᠡᠭ᠌

ᠡᠪᠠᠰᠤ ᠳᠡᠵᠢᠭᠡᠯ ᠬᠤᠷᠢᠶᠠᠨ ᠡᠪᠦᠯᠵᠢᠶ᠎ᠡ ᠬᠤᠷᠤᠭ᠎ᠠ ᠰᠠᠯᠪᠢᠵᠤ ᠵᠠᠰᠠᠳᠠᠭ

ᠡᠮ ᠤᠨ ᠵᠣᠢ᠌ᠯᠠᠰ ᠢ ᠳᠡᠭᠦᠭᠦ ᠨᠠᠮᠤᠷ ᠤᠨ ᠳᠤᠮᠳᠠᠳᠤ ᠳᠠᠭᠢᠶ᠎ᠠ ᠰᠠᠷ᠎ᠠ᠃


ᠦᠷ᠎ᠡ ᠵᠢᠮᠢᠰ ᠪᠣᠯᠪᠠᠰᠤᠷᠠᠭᠰᠠᠨ ᠰᠢᠮᠠᠳᠤ ᠳᠡᠭᠡᠵᠢ ᠪᠠᠨ ᠳᠠᠯᠪᠢᠨ

ᠦᠳᠦᠷᠮ᠎ᠠ ᠶᠢᠨ ᠣᠪᠣᠭ᠎ᠠ ᠰᠦᠨᠳᠠᠷᠯᠠᠨ ᠬᠠᠶᠠᠭᠤᠷ ᠤᠨ ᠠᠮᠤ ᠪᠣᠳᠠᠷᠠᠭᠠᠤᠨ

ᠣᠭᠳᠠᠷᠭᠤᠢ ᠶᠢᠨ ᠣᠨᠢᠶᠠᠷ ᠬᠤᠯᠠᠳᠠᠨ ᠰᠡᠷᠢᠭᠦᠨ ᠤ ᠰᠢᠠᠵᠢ ᠳᠤᠳᠤᠬᠠᠨ

ᠣᠯᠠᠷᠢᠬᠤ ᠬᠤᠭᠤᠰ ᠤᠨ ᠪᠣᠯᠵᠤᠭᠠᠨ ᠨᠠᠮᠤᠷ ᠤᠨ ᠳᠤᠮᠳᠠ ᠳᠠᠭᠢᠶ᠎ᠠ ᠰᠠᠷ᠎ᠠ᠃


ᠨᠠᠮᠤᠷ ᠤᠨ ᠰᠡᠭᠦᠯ ᠰᠠᠷ᠎ᠠ


ᠨᠠᠭᠤᠷ ᠳᠠᠩᠭᠢᠰ ᠴᠠᠢ᠌ᠷᠠᠨ ᠭᠦᠩᠭᠡᠨ ᠨᠢᠮᠭᠡᠨ ᠮᠦᠰᠤ ᠭᠦᠷᠦᠳᠡᠭ᠌

ᠨᠠᠪᠴᠢ ᠨᠠᠭᠢᠶ᠎ᠠ ᠰᠢᠷᠠᠯᠠᠨ ᠡᠪᠠᠰᠤᠨ ᠰᠦᠷᠡᠯ ᠭᠠᠩᠳᠠᠵᠤ ᠪᠠᠭᠤᠷᠠᠳᠠᠭ

ᠨᠤᠭᠤᠰᠤ ᠭᠠᠯᠠᠭᠤ ᠭᠠᠩᠭ᠋ᠠᠨᠠᠯᠳᠤᠨ ᠭᠦᠮᠤᠨ ᠤ ᠰᠡᠳᠭᠢᠯ ᠢ ᠰᠥᠷᠡᠭᠡᠢ ᠭᠦᠪᠦᠯᠵᠡᠭᠦᠯᠳᠡᠭ᠌

ᠨᠤᠳᠤᠭ ᠪᠠᠯᠴᠢᠭᠡᠷ ᠰᠤᠩᠭ᠋ᠤᠬᠤ ᠨᠠᠮᠤᠷ ᠤᠨ ᠰᠡᠭᠦᠯ ᠨᠤᠬᠠᠢ ᠰᠠᠷ᠎ᠠ᠃


ᠬᠠᠩᠭᠢᠨᠠᠨ ᠳᠤᠩᠭ᠋ᠤᠤᠠᠬᠤ ᠰᠢᠪᠠᠭᠤᠳ ᠳᠤᠯᠠᠭᠠᠨ ᠣᠷᠤᠨ ᠵᠥᠭ᠌ ᠪᠣᠴᠠᠨ

ᠬᠠᠮᠤᠭ ᠣᠷᠭᠤᠮᠠᠯ ᠰᠢᠷᠠᠯᠠᠨ ᠦᠷ᠎ᠡ ᠡᠰ ᠶᠢᠡᠨ ᠨᠢᠭᠤᠭᠠᠤᠨ

ᠬᠠᠰᠢᠶ᠎ᠠ ᠡᠪᠦᠯᠵᠢᠶᠡᠨ ᠢ ᠳᠤᠯᠠᠭᠠᠯᠠᠨ ᠠᠬᠠᠷ ᠢᠰᠡᠭᠡᠢ ᠪᠠᠨ ᠵᠠᠰᠠᠭᠰᠠᠨ

ᠬᠠᠮᠤᠭ ᠪᠡᠯᠡᠳᠭᠡᠯ ᠤᠨ ᠶᠠᠭᠠᠷᠠᠯᠳᠠᠢ ᠨᠠᠮᠤᠷ ᠤᠨ ᠡᠴᠦᠰ ᠨᠤᠬᠠᠢ ᠰᠠᠷ᠎ᠠ᠃


ᠡᠪᠦᠯ ᠤᠨ ᠳᠡᠷᠢᠭᠦᠨ ᠰᠠᠷ᠎ᠠ


ᠠᠯᠳᠠᠨ ᠨᠠᠷᠠᠨ ᠭᠡᠯᠪᠠᠢ᠌ᠰᠭᠢᠨ ᠭᠤᠤᠯ ᠮᠦᠷᠠᠨ ᠪᠣᠯᠤᠷ ᠪᠣᠯᠳᠠᠭ

ᠠᠭᠠᠷ ᠳᠡᠭ᠍ᠷᠢ ᠵᠢᠪᠠᠷᠯᠠᠨ ᠦᠪᠴᠢ ᠳᠡᠯᠡᠭᠡᠢ ᠶᠢ ᠴᠠᠰᠤᠨ ᠶᠢᠡᠷ ᠬᠤᠴᠢᠳᠠᠭ

ᠠᠮᠢᠳᠠᠨ ᠪᠦᠭᠦᠨ ᠵᠢᠭᠡᠭᠦᠴᠡᠵᠤ ᠳᠤᠯᠠᠭᠠᠨ ᠨᠦᠮᠦᠷᠢ ᠭᠡᠪᠳᠡᠷᠢ ᠭᠦᠰᠡᠳᠡᠭ᠌

ᠠᠮᠢᠳᠤ ᠭᠦᠴᠤ ᠶᠢ ᠳᠡᠩᠰᠡᠭᠦ ᠡᠪᠦᠯ ᠤᠨ ᠳᠡᠷᠢᠭᠦᠨ ᠭᠠᠬᠠᠢ ᠰᠠᠷ᠎ᠠ᠃


ᠴᠠᠢ᠌ᠳᠠᠮ ᠰᠢᠯᠢ ᠶᠢᠨ ᠭᠦᠷᠦᠰᠤᠨ ᠳᠤ ᠴᠠᠩ ᠭᠢᠷᠠᠭᠤ ᠳᠤᠭᠳᠠᠨ

ᠴᠢᠭᠢᠷᠠᠭ ᠯᠠᠭᠱᠠᠨ ᠢ ᠲᠡᠳᠬᠦᠭᠦ ᠥᠭᠦᠴᠡ ᠱᠦᠯᠦ ᠪᠠᠨ ᠭᠠᠷᠭᠠᠭᠰᠠᠨ

ᠴᠡᠴᠡᠭ᠍ᠳᠤ ᠴᠠᠰᠤᠨ ᠯᠠᠪᠰᠠᠯᠠᠭᠠᠤᠨ ᠭᠤᠤᠯ ᠮᠦᠷᠠᠨ ᠪᠢᠳᠡᠭᠦᠷᠡᠭ᠍ᠰᠡᠨ

ᠴᠢᠩᠭ᠋᠎ᠠ ᠣᠯᠠᠷᠢᠯ ᠤᠨ ᠲᠤᠬᠢᠶᠠᠯ ᠡᠪᠦᠯ ᠤᠨ ᠳᠡᠷᠢᠭᠦᠨ ᠭᠠᠬᠠᠢ ᠰᠠᠷ᠎ᠠ᠃


ᠡᠪᠦᠯ ᠤᠨ ᠳᠤᠮᠳᠠᠳᠤ ᠰᠠᠷ᠎ᠠ


ᠴᠠᠭ ᠡᠷᠭᠢᠯᠳᠡ ᠶᠢᠨ ᠳᠣᠢ᠌ᠯ ᠶ‍ᠢᠰᠤᠨ ᠶ‍ᠢᠰᠤ ᠶᠢᠨ ᠣᠯᠠᠷᠢᠯ ᠡᠭᠢᠯᠡᠳᠡᠭ᠌

ᠴᠠᠰᠤ ᠮᠦᠰᠤᠨ ᠬᠤᠶᠠᠭᠳᠤ ᠭᠦᠯᠳᠡᠭᠦᠤ ᠶ‍ᠢᠷᠳᠢᠠᠴᠤ ᠪᠣᠯᠤᠨ ᠬᠤᠪᠢᠷᠠᠳᠠᠭ

ᠴᠠᠩ ᠭᠢᠷᠠᠭᠤ ᠨᠡᠮᠡᠭ᠍ᠳᠡᠭ᠍ᠰᠡᠭᠡᠷ ᠪᠠᠯᠴᠢᠭᠡᠷ ᠲᠦᠯᠡᠰᠢ ᠬᠤᠮᠰᠠ ᠪᠣᠯᠳᠠᠭ

ᠴᠠᠰᠢ ᠨᠠᠰᠢ ᠪᠠᠨ ᠨᠡᠭᠦᠳᠡᠯᠭᠦ  ᠡᠪᠦᠯ ᠤᠨ ᠳᠤᠮᠳᠠᠳᠤ ᠬᠤᠯᠤᠭᠠᠨ᠎ᠠ ᠰᠠᠷ᠎ᠠ᠃


ᠠᠭᠳᠠ ᠶᠢᠨ ᠰᠣᠢ᠌ᠯᠭ᠎ᠠ ᠳᠡᠩᠴᠡᠭᠡᠳ ᠭᠦᠴᠤᠨ ᠴᠢᠳᠠᠯ ᠰᠢᠯᠭᠠᠷᠠᠨ

ᠠᠪᠠ ᠶᠢᠨ ᠬᠤᠮᠤᠷᠭᠠᠨ ᠢ ᠡᠷᠭᠢᠯᠡᠨ ᠭᠠᠠᠵᠤᠭ᠎ᠠ ᠳᠦᠭᠦᠷᠡᠩ ᠣᠷᠤᠯᠳᠤᠭᠠᠤᠨ

ᠠᠳᠠᠨ ᠳᠡᠮᠡᠭᠡ ᠪᠠᠨ ᠴᠥᠷᠭᠦᠯᠡᠭᠡᠳ ᠳᠡᠭᠡᠭᠡᠪᠦᠷᠢ ᠶᠢᠨ ᠠᠶᠠᠨ ᠢ ᠳᠤᠪᠴᠢᠯᠠᠭᠰᠠᠨ

ᠠᠮᠢᠳᠤᠷᠠᠯ ᠤᠨ ᠪᠠᠶᠠᠨ ᠣᠳᠤᠮᠰᠢᠯᠳᠤ ᠡᠪᠦᠯ ᠤᠨ ᠳᠤᠮᠳᠠ ᠬᠤᠯᠤᠭᠠᠨ᠎ᠠ ᠰᠠᠷ᠎ᠠ᠃


ᠡᠪᠦᠯ ᠤᠨ ᠰᠡᠭᠦᠯ ᠰᠠᠷ᠎ᠠ


ᠭᠦᠷᠦᠰᠦᠳᠤ ᠳᠡᠯᠡᠭᠡᠢ ᠶᠢ ᠭᠦᠷᠪᠠᠭᠦᠯᠦᠮᠡᠷ ᠳᠤᠭᠰᠢᠨ ᠰᠢᠭᠤᠷᠭ᠎ᠠ ᠥᠷᠭᠦᠯᠵᠢᠯᠡᠨ ᠭᠠᠷᠳᠠᠭ

ᠭᠦᠷ ᠴᠠᠰᠤᠨ ᠨᠡᠮᠡᠭ᠍ᠳᠡᠵᠤ ᠭᠦᠮᠤᠨ ᠮᠠᠯ ᠢ ᠰᠥᠷᠡᠭᠡᠢ ᠵᠤᠪᠠᠭᠠᠳᠠᠭ

ᠭᠦᠳᠡᠭᠡ ᠭᠡᠭᠡᠷ᠎ᠡ ᠶᠢᠨ ᠨᠡᠭᠦᠳᠡᠯᠴᠢᠨ ᠭᠠᠯ ᠤᠨ ᠳᠡᠭ᠍ᠷᠢ ᠳᠠᠭᠢᠵᠤ ᠮᠥᠷᠭᠦᠳᠡᠭ᠌

ᠭᠦᠭᠡ ᠭᠢᠯᠡᠷ ᠭᠡᠮᠡᠭᠦ ᠠᠯᠳᠠᠷᠳᠤ ᠡᠪᠦᠯ ᠤᠨ ᠰᠡᠭᠦᠯ ᠥᠭᠡᠷ ᠰᠠᠷ᠎ᠠ᠃


ᠣᠷᠤᠭ ᠰᠠᠳᠤᠨ ᠬᠤᠯᠪᠣᠯᠴᠠᠭᠠᠤᠨ ᠬᠤᠳᠠ ᠲᠦᠷᠦᠯ ᠳᠠᠨᠢᠯᠴᠠᠨ

ᠣᠷᠳᠤ ᠶᠢᠨ ᠡᠭᠦᠳᠡ ᠪᠠᠳᠤᠤᠠᠴᠤ ᠬᠤᠷᠢᠮ ᠬᠣᠢ᠌ᠯᠠᠨ ᠨᠠᠷᠭᠢᠯᠴᠠᠭᠠᠤᠨ

ᠣᠯᠤᠰ ᠳᠠᠶᠠᠭᠠᠷ ᠶᠢᠡᠨ ᠭᠦᠭ᠍ᠵᠢᠯᠳᠤᠨ ᠥᠭᠡᠯᠵᠢᠨ ᠰᠠᠷ᠎ᠠ ᠪᠠᠨ ᠥᠳᠡᠭ᠍ᠰᠡᠨ

ᠣᠨ ᠬᠠᠪᠣᠷ ᠤᠨ ᠣᠭᠳᠤᠯᠳᠠ ᠡᠪᠦᠯ ᠤᠨ ᠡᠴᠦᠰ ᠥᠭᠡᠷ ᠰᠠᠷ᠎ᠠ᠃


《ᠮᠤᠩᠭ᠋ᠤᠯ ᠦᠨᠳᠦᠰᠦᠳᠠᠨ ᠤ ᠣᠷᠠᠨ ᠵᠤᠬᠢᠶᠠᠯ ᠤᠨ ᠳᠦᠷᠰᠦᠯᠠᠯ ᠤᠨ ᠴᠤᠮᠤᠷᠯᠢᠭ》 ᠡᠴᠡ

ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7453
ᠴᠠᠭ᠄ 2010 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ