ᠨᠡᠪᠲᠡᠷᠡᠨ ᠤᠷᠤᠬᠤ
ᠨᠠᠢ᠌ᠷ ᠤᠨ ᠳᠠᠭᠤ

ᠠᠷᠢᠭᠤᠨ ᠬᠠᠢ᠌ᠷ᠎ᠠ ᠪᠠᠨ ᠰᠢᠩᠭᠡᠭᠡᠭ᠍ᠰᠡᠨ

ᠠᠰᠢᠳᠠ ᠶᠢᠨ ᠬᠠᠳᠠᠭ ᠶᠢᠡᠨ ᠡᠷᠭᠦᠶ᠎ᠡ

ᠠᠯᠳᠠᠨ ᠬᠤᠠᠳᠠᠭ᠎ᠠ ᠲᠡᠶ ᠰᠠᠷᠬᠤᠤᠨ ᠵᠢᠠᠨ

ᠠᠯᠠᠭᠠᠨ ᠳᠠᠭᠠᠨ ᠳᠡᠭᠡᠳᠦᠯᠡᠨ ᠪᠠᠷᠢᠶ᠎ᠠ

ᠲᠦᠰᠢᠶᠠᠳᠤ ᠮᠤᠩᠭ᠋ᠤᠯ ᠤᠨ ᠵᠠᠩ ᠶᠢᠡᠷ ᠵᠢᠠᠨ

ᠲᠦᠷᠦᠯᠭᠢ ᠨᠤᠳᠤᠭ ᠲᠠᠭᠠᠨ ᠣᠭᠳᠤᠵᠤ ᠪᠠᠢ᠌ᠨ᠎ᠠ

ᠠᠠᠳᠠᠢ ᠪᠦᠵᠢᠭ᠌ ᠶᠢᠡᠨ ᠡᠭᠦᠰᠭᠡᠭᠡᠳ

ᠠᠷᠠᠤᠨ ᠤᠨ ᠳᠠᠭᠤᠤ ᠪᠠᠷ ᠶᠢᠡᠨ ᠣᠭᠳᠤᠵᠤ ᠪᠠᠢ᠌ᠨ᠎ᠠ

ᠮᠥᠩᠭᠡ ᠶᠢᠨ ᠢᠷᠦᠭᠡᠯ ᠲᠡᠶ ᠬᠠᠳᠠᠭ ᠵᠢᠠᠨ

ᠮᠡᠭᠦᠢᠨ ᠮᠡᠭᠦᠢᠨ ᠳᠡᠪᠰᠢᠭᠦᠯᠦᠶ᠎ᠡ

ᠮᠥᠩᠭᠦᠨ ᠬᠤᠠᠳᠠᠭ᠎ᠠ ᠲᠡᠶ ᠰᠠᠷᠬᠤᠤᠨ ᠵᠢᠠᠨ

ᠮᠥᠷᠭᠦᠭᠦᠯᠤᠨ ᠮᠥᠷᠭᠦᠭᠦᠯᠤᠨ ᠭᠦᠡᠳᠦᠷᠡᠶ᠎ᠡ

ᠲᠦᠰᠢᠶᠠᠳᠤ ᠮᠤᠩᠭ᠋ᠤᠯ ᠤᠨ ᠵᠠᠩ ᠶᠢᠡᠷ ᠵᠢᠠᠨ

ᠲᠦᠷᠦᠯᠭᠢ ᠨᠤᠳᠤᠭ ᠲᠠᠭᠠᠨ ᠨᠠᠢ᠌ᠷᠠᠯᠳᠤᠶ᠎ᠠ

ᠥᠯᠢᠭᠡᠷ ᠬᠤᠯᠪᠣᠭ᠎ᠠ ᠪᠠᠨ ᠡᠭᠦᠰᠭᠡᠭᠡᠳ

ᠦᠨᠡᠨ ᠰᠡᠳᠭᠢᠯ ᠶᠢᠡᠷ ᠶᠢᠡᠨ ᠨᠠᠷᠭᠢᠶ᠎ᠠ

ᠬᠠᠪᠣᠳᠤ ᠬᠠᠰᠠᠷ ᠤᠨ ᠨᠤᠳᠤᠭ ᠶᠤᠮ ᠪᠠᠢ᠌ᠨ᠎ᠠ

ᠬᠠᠩᠭ᠋ᠠᠢ ᠠᠭᠤᠳᠠᠮ ᠳᠠᠯ᠎ᠠ ᠯᠠ ᠶᠤᠮ ᠪᠠᠢ᠌ᠨ᠎ᠠ

ᠬᠠᠮᠤᠭ ᠮᠤᠩᠭ᠋ᠤᠯ ᠤᠨ ᠪᠠᠷᠢᠯᠳᠤᠯᠭ᠎ᠠ ᠳᠠᠢ

ᠬᠠᠢ᠌ᠷ᠎ᠠ ᠶᠢ ᠳᠠᠳᠠᠭᠰᠠᠨ ᠥᠯᠦᠭᠡᠢ ᠶᠤᠮ ᠪᠠᠢ᠌ᠨ᠎ᠠ

ᠲᠦᠰᠢᠶᠠᠳᠤ ᠮᠤᠩᠭ᠋ᠤᠯ ᠤᠨ ᠵᠠᠩ ᠶᠢᠡᠷ ᠵᠢᠠᠨ

ᠲᠦᠷᠦᠯᠭᠢ ᠨᠤᠳᠤᠭ ᠲᠠᠭᠠᠨ ᠣᠷᠢᠶ᠎ᠠ

ᠲᠦᠪᠰᠢᠨ ᠵᠢᠷᠭᠠᠯ ᠢ ᠬᠤᠷᠣᠢ᠌ᠯᠠᠭᠰᠠᠨ

ᠲᠦᠮᠡᠨ ᠮᠡᠷᠭᠡᠳ ᠶᠢᠡᠨ ᠣᠷᠢᠶ᠎ᠠ

ᠵᠤᠬᠢᠶᠠᠭᠴᠢ᠄ ᠰᠤ·ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2859
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ