☆ ᠭᠦᠭ᠍ᠵᠢᠯ
ᠨᠡᠭᠦᠳᠡᠯ ᠰᠢᠪᠠᠭᠤᠳ ᠤᠨ ᠭᠠᠩᠭᠠᠨᠠᠭ᠎ᠠ ᠡᠡᠭ᠍ᠰᠡᠷᠡᠨᠡ
ᠡᠷᠢᠶᠡᠨ ᠴᠤᠬᠤᠷ ᠶᠢᠷᠳᠢᠠᠴᠤ ᠳ᠋ᠤ
ᠡᠷᠭᠡᠰ ᠭᠠᠷᠠᠭ ᠢ ᠵᠡᠭᠦᠳᠤ ᠪᠠᠷ ᠴᠤᠯᠪᠣᠭᠤᠷᠳᠠᠭᠰᠠᠨ
ᠦᠵᠡᠭ᠍ᠳᠡᠭᠦ ᠦᠭᠡᠶ ᠭᠡᠷᠡᠮ ᠶᠢᠡᠷ ᠴᠤᠪᠣᠭᠠᠷᠠᠭᠰᠠᠨ
ᠥᠶᠡᠯᠡᠭᠦ ᠴᠠᠭ ᠤᠨ ᠰᠦᠨᠠᠰᠤ ᠦᠭᠡᠶ ᠨᠤᠮ
ᠭᠤᠤᠯ ᠶᠢᠡᠨ ᠬᠠᠷᠠᠭᠰᠠᠨ ᠡᠯᠢᠭᠡ ᠵᠢᠷᠦᠭᠡ ᠵᠢ
ᠭᠤᠤᠯ ᠤᠨ ᠡᠷᠭᠢ ᠰᠢᠭ᠌ ᠬᠤᠪᠢᠶᠠᠨ᠎ᠠ
ᠭᠦᠯᠦᠭ᠌ ᠤᠨ ᠨᠢᠷᠤᠭᠤᠨ ᠳᠤ ᠳᠡᠯᠡᠭᠡᠢ ᠬᠠᠷᠠᠭᠰᠠᠨ
ᠬᠤᠷᠭᠤᠯᠵᠢᠨ ᠴᠠᠭᠠᠨ ᠡᠭᠦᠯᠡᠰ ᠢ
ᠭᠦᠮᠤᠨ ᠤ ᠬᠤᠷᠸ᠎ᠠ ᠳᠤ ᠬᠤᠤᠰ ᠥᠭᠡᠢ
ᠬᠤᠷᠴᠠ ᠮᠠᠰᠠ ᠪᠠᠷ ᠬᠠᠢ᠌ᠷ᠎ᠠ ᠦᠭᠡᠶ ᠵᠦᠰᠠᠨᠠ
ᠡᠷᠳᠡᠨᠢ ᠶᠢᠨ ᠠᠯᠳᠠᠨ ᠪᠣᠱᠤᠭ᠎ᠠ ᠪᠠᠷ ᠰᠤᠪᠣᠷᠠᠬᠤ
ᠡᠭᠦᠯᠡ ᠭᠦᠯᠦᠭᠯᠡᠭ᠍ᠰᠡᠨ ᠣᠷᠠᠨ ᠳᠠᠷᠨᠢ
ᠡᠭᠡ ᠶᠢᠨ ᠴᠠᠭᠠᠨ ᠰᠥ᠋ ᠰᠢᠭ᠌
ᠡᠷᠭᠢᠮ ᠰᠠᠨᠠᠭ᠎ᠠ ᠶᠢ ᠪᠣᠯᠠᠰᠢᠯᠠᠨ᠎ᠠ
ᠨᠤᠷᠭᠢᠬᠤ ᠴᠠᠭᠠᠨ ᠬᠤᠨ ᠤ
ᠨᠠᠭᠤᠷ ᠤᠨ ᠳᠠᠭᠤᠨ ᠳᠠᠰᠤᠷᠠᠬᠤ ᠳ᠋ᠤ
ᠨᠠᠰᠤᠨ ᠤ ᠬᠠᠪᠣᠷ ᠶᠢᠡᠨ ᠥᠭᠡᠢ᠌ᠯᠡᠭ᠍ᠰᠡᠨ
ᠨᠡᠭᠦᠳᠡᠯ ᠰᠢᠪᠠᠭᠤᠳ ᠤᠨ ᠭᠠᠩᠭᠠᠨᠠᠭ᠎ᠠ ᠡᠡᠭ᠍ᠰᠡᠷᠡᠨᠡ
ᠳᠡᠭ᠍ᠷᠢ ᠶᠢᠨ ᠣᠳᠤᠳ ᠨᠠᠭᠤᠷ ᠲᠤ ᠪᠠᠯᠠᠷᠠᠬᠤ ᠳ᠋ᠤ
ᠳᠡᠷᠭᠡᠯ ᠰᠠᠷᠠᠨ ᠵᠢᠰᠤ ᠪᠠᠨ ᠠᠯᠳᠠᠨ᠎ᠠ
ᠭᠦᠭᠡᠷᠡᠭᠦ ᠳᠠᠯ᠎ᠠ ᠰᠦᠨᠠᠰᠤ ᠪᠠᠨ ᠭᠡᠭᠡᠭᠦ ᠳ᠋ᠤ
ᠭᠦᠭᠡ ᠳᠡᠭ᠍ᠷᠢ ᠶᠢᠨ ᠵᠢᠷᠦᠭᠡ ᠰᠢᠮᠰᠢᠷᠠᠨ᠎ᠠ
ᠵᠡᠷᠭᠡᠯᠭᠡᠨ ᠵᠠᠢ᠌ᠳᠠᠯᠠᠭᠰᠠᠨ ᠵᠡᠭᠦᠳᠤ ᠮᠠᠨᠠᠭᠰᠠᠨ
ᠡᠷᠭᠢ ᠬᠠᠷᠠᠭᠰᠠᠨ ᠳᠤᠭ ᠢ ᠮᠥᠩᠭᠡ ᠶᠢᠨ ᠰᠢᠭ᠌ ᠪᠣᠳᠤᠵᠤ
ᠵᠢᠷᠪᠢᠯᠵᠠᠨ ᠤᠳᠬᠤ ᠡᠳᠦᠷ ᠤᠨ ᠨᠠᠷᠠ ᠵᠢ
ᠵᠢᠷᠦᠭᠡᠨ ᠳᠤ ᠭᠢᠯᠠᠯᠵᠠᠭᠰᠠᠨ ᠣᠳᠤᠨ ᠰᠢᠭ ᠰᠢᠳᠦᠭ᠍ᠰᠡᠭᠡᠷ
ᠠᠩᠭᠢ ᠦᠭᠡᠶ ᠳᠠᠮᠠᠴᠠᠯ ᠳᠤ ᠦᠷᠡᠭ᠍ᠳᠡᠵᠤ
ᠠᠯᠠᠭ ᠬᠤᠷᠸ᠎ᠠ ᠶᠢᠨ ᠳᠤᠭᠤᠰᠤᠨ ᠳᠤ ᠳᠠᠷᠤᠭᠳᠠᠨ᠎ᠠ
ᠡᠪ ᠤᠨ ᠳᠤᠭ ᠢ ᠮᠢᠯᠢᠶᠠᠭᠰᠠᠨ
ᠡᠶ᠎ᠡ ᠰᠤᠯᠢᠭᠠᠢ ᠭᠦᠭᠦᠭᠡᠷᠭᠡᠳᠦᠭᠦ ᠠᠶᠠᠯᠭᠤ
ᠡᠷᠭᠢ ᠪᠠᠨ ᠳᠡᠯᠡᠳᠭᠦ ᠰᠢᠷᠦᠭᠦᠨ ᠣᠷᠤᠰᠬᠠᠯ ᠰᠢᠭ
ᠡᠷᠭᠢᠭᠦ ᠳᠤᠰᠤᠮ ᠶᠢᠡᠨ ᠬᠤᠯᠠᠳᠠᠨ᠎ᠠ
ᠥᠶᠡᠯᠡᠭᠦ ᠴᠠᠭ ᠤᠨ ᠦᠷᠳᠡᠭᠡᠨ ᠳ᠋ᠤ
ᠥᠶᠡᠷᠭᠡᠵᠤ ᠶᠠᠪᠣᠭᠰᠠᠨ ᠰᠡᠳᠭᠢᠯ
ᠦᠯᠢᠶᠡᠭᠦ ᠵᠢᠪᠠᠭᠦᠨ ᠰᠠᠯᠭᠢᠨ ᠳᠤ
ᠦᠵᠠᠷᠠᠵᠤ ᠬᠠᠭᠤᠴᠢᠷᠠᠭᠰᠠᠨ ᠬᠤᠪᠴᠠᠰᠤ ᠰᠢᠭ ᠰᠠᠮᠠᠷᠠᠨ᠎ᠠ
ᠨᠠᠰᠤᠨ ᠤ ᠨᠠᠷᠠᠰᠤᠨ ᠳᠤ ᠣᠷᠭᠤᠭᠰᠠᠨ
ᠨᠠᠷᠠ ᠰᠢᠭ ᠨᠠᠠᠳᠢᠨ ᠨᠥᠭᠦᠷᠯᠡᠯ
ᠨᠠᠮᠤᠷ ᠤᠨ ᠭᠢᠷᠠᠭᠤ ᠳᠤ ᠳᠠᠷᠤᠭᠳᠠᠭᠰᠠᠨ
ᠨᠠᠪᠴᠢ ᠨᠢ ᠰᠢᠷᠠᠯᠠᠭᠰᠠᠨ ᠵᠡᠭᠦᠳᠤ ᠳᠠᠷᠠᠯᠠᠨᠠ
ᠪᠣᠳᠤᠯ ᠰᠠᠮᠨᠠᠭᠰᠠᠨ ᠣᠷᠭᠤᠬᠤ ᠨᠠᠷᠠ
ᠪᠣᠴᠠᠬᠤ ᠰᠦᠨᠢ ᠶᠢᠨ ᠰᠡᠭᠦᠳᠡᠷ ᠬᠠᠷᠠᠬᠤ ᠳ᠋ᠤ
ᠣᠢ᠌ᠯᠠᠰ ᠬᠤᠷᠠᠢ᠌ᠯᠠᠭᠰᠠᠨ ᠠᠶᠠᠨ ᠳ᠋ᠤ
ᠥᠭᠡᠷ ᠳᠡᠷᠭᠡ ᠶᠢᠨ ᠪᠠᠷ᠎ᠠ ᠳᠠᠰᠤᠷᠠᠨ᠎ᠠ
ᠥᠳᠡᠯᠡᠭᠡᠳ ᠪᠠᠭᠤᠬᠤ ᠪᠣᠱᠤᠭᠠᠨ ᠳ᠋ᠤ
ᠦᠷ ᠢ ᠵᠠᠯᠭᠢᠭᠰᠠᠨ ᠥᠨᠡᠭᠡ ᠣᠯᠠᠰᠢᠷᠠᠨ᠎ᠠ
ᠭᠦᠮᠤᠨ ᠤ ᠠᠮᠢᠳᠤᠷᠠᠯ ᠳᠤ ᠰᠠᠭᠤᠷᠢ ᠥᠭᠡᠢ
ᠭᠦᠪᠦᠷᠡᠭᠦ ᠰᠤᠳᠠᠯ ᠤᠨ ᠣᠬᠠᠭᠠᠨ ᠶᠢᠡᠨ ᠰᠤᠪᠢᠭᠰᠠᠨ
ᠦᠨᠡᠨ ᠤ ᠮᠦᠷ ᠬᠠᠷᠠᠭᠳᠠᠬᠤ ᠥᠭᠡᠢ
ᠦᠵᠡᠭ᠍ᠳᠡᠭᠦ ᠦᠭᠡᠶ ᠭᠡᠷᠡᠮ ᠤᠨ ᠨᠤᠷᠠᠬᠤ ᠨᠢ ᠬᠠᠷᠠᠭᠳᠠᠨ᠎ᠠ
2014.4.28
ᠵᠤᠬᠢᠶᠠᠭᠴᠢ ᠶᠢᠨ ᠬᠠᠶᠢᠭ ᠄ ᠪᠠᠶᠠᠠᠨᠠᠭᠤᠷ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ
ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12522
ᠴᠠᠭ᠄ 2014 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ