☆ ᠪᠤᠷᠵᠢᠭᠢᠨ ᠬᠠᠰ
ᠪᠦᠮᠪᠦᠷᠴᠡᠭ ᠤᠨ ᠲᠤᠰᠬᠤᠨ
᠊᠊᠊᠊᠊᠊᠊᠊᠊᠊᠊᠊᠊᠊᠊ ᠨᠠ᠊᠂ ᠭᠦᠭᠡᠰᠢᠭᠦᠢ ᠶᠢᠨ 《ᠪᠦᠮᠪᠦᠷᠴᠡᠭ᠌ ᠤᠨ ᠳᠤᠰᠬᠤᠨ》 ᠢ ᠣᠩᠰᠢᠭᠠᠤᠨ
ᠭᠦᠭᠡ ᠰᠢᠭᠤᠢ ᠭᠡᠳᠡᠭ᠌ ᠰᠢᠯᠦᠭ᠍ᠴᠢ
ᠭᠦᠭᠡ ᠴᠢᠰᠤᠨ ᠤ ᠣᠳᠤᠮ᠂
ᠭᠦᠮᠤᠨ ᠤ ᠳᠦᠭᠦᠭᠡ ᠣᠷᠤᠮᠠᠭᠴᠠ
ᠭᠦᠭᠡ ᠥᠩᠭᠡ ᠶᠢ ᠰᠢᠳᠤᠵᠠᠢ᠃
ᠭᠦᠡᠳᠦᠦᠡᠭᠡᠨ ᠮᠥᠷᠭᠦᠨ ᠰᠥᠰᠦᠭᠯᠡᠳᠡᠭ᠌ ᠨᠢ
ᠭᠦᠭᠡ ᠮᠥᠩᠭᠡ ᠳᠡᠭ᠍ᠷᠢ ᠭᠡᠨ᠎ᠡ᠂
ᠭᠦᠷᠳᠡᠵᠤ ᠪᠢᠰᠢᠷᠠᠨ ᠥᠵᠡᠳᠡᠭ᠌ ᠨᠢ
ᠭᠦᠭᠡ ᠰᠤᠳᠤᠷ ᠤᠨ ᠨᠤᠮ ᠭᠡᠨ᠎ᠡ᠃
ᠭᠦᠰᠡᠵᠤ ᠡᠷᠭᠦᠭ᠍ᠰᠡᠨ ᠨᠠᠷᠠ ᠨᠢ
ᠭᠦᠭᠡ ᠨᠤᠭᠤᠭᠠᠨ ᠰᠢᠭᠤᠢ ᠭᠡᠨ᠎ᠡ᠂
ᠭᠦᠭᠡᠷᠦᠮᠳᠦᠵᠤ ᠨᠥᠭᠦᠷᠯᠡᠨ ᠶᠠᠪᠣᠯᠴᠠᠳᠠᠭ ᠨᠢ
ᠭᠦᠭᠡ ᠵᠠᠩ ᠲᠡᠶ ᠨᠠᠢ᠌ᠵᠢ ᠭᠡᠨ᠎ᠡ᠃
ᠳᠦᠷᠦᠭ᠍ᠰᠡᠨ ᠴᠠᠭ ᠬᠤᠭᠤᠴᠠᠭ᠎ᠠ ᠨᠢ
ᠭᠦᠭᠡ ᠯᠤᠤᠳᠤ ᠮᠦᠴᠡ ᠭᠡᠨ᠎ᠡ᠂
ᠳᠤᠰᠬᠠᠢ᠌ᠯᠠᠨ ᠠᠪᠢᠶᠠᠰᠤᠯᠠᠨ ᠴᠠᠭᠠᠷᠠᠭᠰᠠᠨ ᠨᠢ
ᠭᠦᠭᠡ ᠮᠤᠩᠭ᠋ᠤᠯ ᠰᠢᠯᠦᠭ᠌ ᠭᠡᠨ᠎ᠡ᠃
ᠣᠤᠭᠤᠵᠤ ᠪᠠᠢ᠌ᠭᠰᠠᠨ ᠣᠮᠳᠠᠭᠠᠨ ᠨᠢ
ᠭᠦᠭᠡ ᠴᠠᠢ ᠪᠠᠢ᠌ᠭᠰᠠᠨ ᠭᠡᠨ᠎ᠡ᠂
ᠣᠨᠤᠵᠤ ᠪᠠᠢ᠌ᠭᠰᠠᠨ ᠭᠦᠯᠦᠭ᠌ ᠨᠢ
ᠭᠦᠭᠡ ᠰᠠᠷᠠᠯ ᠮᠤᠷᠢ ᠭᠡᠨ᠎ᠡ᠃
《ᠶᠠᠭᠷᠠᠢ ᠬᠤᠳᠤᠭᠤᠷ》 ᠥᠷᠦᠭᠡ ᠪᠠᠨ
ᠶᠠᠭᠠᠨ ᠭᠦᠭᠡ ᠪᠠᠷ ᠴᠢᠮᠡᠭᠯᠡᠵᠤ ᠭᠡᠨ᠎ᠡ᠂
ᠶᠠᠰᠤᠯᠢᠭ ᠪᠠᠶ᠎ᠠ ᠳᠡᠭᠡᠨ ᠭᠡᠳᠦᠷᠡᠳᠡᠭ᠌ ᠨᠢ ᠴᠤ
ᠶᠠᠭᠠᠨ ᠭᠦᠭᠡ ᠳᠡᠷᠯᠢᠭ᠌ ᠭᠡᠨ᠎ᠡ᠃
ᠭᠦᠭᠡᠷᠥᠢᠯᠡᠵᠤ ᠬᠠᠢ᠌ᠷᠠᠯᠠᠨ ᠣᠤᠬᠠᠢ᠌ᠯᠠᠬᠤ ᠳᠤ
ᠭᠦᠭᠡ ᠨᠢᠯᠪᠣᠰᠤ ᠮᠡᠯᠳᠡᠭ᠍ᠨᠡᠨᠡ ᠭᠡᠨ᠎ᠡ
ᠭᠦᠮᠦᠰᠭᠡ ᠵᠠᠩᠭᠢᠳᠤᠨ ᠭᠢᠯᠢᠩᠯᠡᠭᠦ ᠳᠤ
ᠭᠦᠭᠡ ᠴᠢᠷ ᠶᠢᠡᠷ ᠨᠤᠯᠮᠤᠨ᠎ᠠ ᠭᠡᠨ᠎ᠡ
ᠭᠡᠷᠡᠭᠯᠡᠵᠤ ᠪᠠᠢ᠌ᠭ᠎ᠠ ᠥᠵᠦᠭ᠌ ᠡᠴᠡ ᠨᠢ
ᠭᠦᠭᠡ ᠣᠳᠤᠭ᠎ᠠ ᠳᠠᠳᠠᠨ᠎ᠠ ᠭᠡᠨ᠎ᠡ᠂
ᠭᠡᠪᠯᠡᠵᠤ ᠪᠠᠢ᠌ᠭ᠎ᠠ ᠰᠢᠯᠦᠭ᠌ ᠡᠴᠡ ᠨᠢ
ᠭᠦᠭᠡ ᠰᠥ᠋ ᠭᠤᠭᠤᠵᠢᠨ᠎ᠠ︖
ᠪᠦᠳᠡᠭᠢ ᠰᠢᠯᠦᠭ᠌ ᠪᠠᠰᠢ ᠴᠤ
ᠪᠦᠭᠦᠳᠡ ᠶᠢᠨ ᠳᠤᠮᠳᠠ ᠳᠡᠯᠭᠡᠷᠡᠵᠡᠢ᠂
ᠪᠢᠳᠠ ᠭᠦᠮᠤᠨ ᠶᠢᠡᠷ ᠣᠷᠴᠢᠭᠤᠯᠬᠤ ᠦᠭᠡᠶ ᠪᠠᠷ
ᠪᠠᠢ᠌ᠭᠰᠠᠨ ᠢ ᠨᠢ ᠰᠢᠭᠤᠳ ᠳᠦᠭᠦᠭᠡᠷᠦᠨᠡ᠃
ᠦᠰᠴᠦ ᠳᠦᠷᠦᠭ᠍ᠰᠡᠨ ᠨᠤᠳᠤᠭ ᠨᠢ
ᠦᠨᠢᠷ ᠮᠠᠩᠬᠠᠨ ᠤ ᠳᠤᠮᠳᠠ
ᠣᠷᠤᠰᠢᠨ ᠠᠮᠢᠳᠤᠷᠠᠬᠤ ᠭᠠᠵᠠᠷ ᠨᠢ
ᠣᠳᠤᠨ ᠭᠠᠷᠠᠭ ᠤᠨ ᠳᠤᠰᠬᠤᠨ ᠊᠊᠊᠊᠊᠊᠊᠊᠊᠊᠊᠊᠊᠊᠊
ᠪᠦᠮᠪᠦᠷᠴᠡᠭ᠌ ᠤᠨ ᠳᠤᠰᠬᠤᠨ ᠭᠡᠳᠡᠭ᠌ ᠨᠢ
ᠪᠦᠳᠦᠭᠦᠨ ᠭᠠᠴᠠᠭᠠᠨ ᠤ ᠮᠠᠶᠢᠭ ᠲᠡᠶ᠂
ᠪᠣᠰᠤᠳ ᠭᠠᠵᠠᠷ ᠤᠨ ᠡᠷᠦᠭᠡ ᠠᠮᠠ ᠶᠢ
ᠨᠡᠭᠦᠯᠭᠡᠵᠤ ᠣᠷᠤᠭᠤᠯᠬᠤ ᠪᠠᠢ᠌ᠳᠠᠯ ᠲᠡᠶ᠃
ᠪᠣᠷᠤᠭᠠᠨ ᠬᠤᠷ᠎ᠠ ᠨᠢ ᠳᠡᠭ᠍ᠰᠢ ᠪᠢᠯᠢᠤ︖
ᠪᠣᠯᠠᠭᠳᠠᠴᠠ ᠨᠢᠭᠤᠭᠳᠠᠴᠠ ᠨᠢ ᠪᠠᠶᠠᠯᠢᠭ ᠪᠢᠯᠢᠤ︖
ᠪᠠᠢ᠌ᠭᠠᠯᠢ ᠶᠢᠨ ᠨᠥᠭᠦᠴᠡᠯ ᠨᠢ ᠵᠥᠭᠡᠷ ᠪᠢᠯᠢᠤ
ᠪᠠᠯᠭᠠᠰᠤᠨ ᠤ ᠠᠷᠠᠤᠨ ᠨᠢ ᠠᠰᠪᠣᠷ ᠪᠢᠯᠢᠤ︖
ᠬᠠᠨᠠᠭᠠᠷ ᠳᠠᠯ᠎ᠠ ᠴᠢᠨᠢ ᠬᠠᠯᠢᠭᠤᠷᠠᠵᠤ
ᠬᠠᠷ᠎ᠠ ᠳᠠᠩ ᠤᠨ ᠭᠠᠵᠠᠷ ᠪᠠ︖
ᠬᠠᠭᠠᠯᠪᠣᠷᠢᠯᠠᠨ ᠣᠷᠪᠠᠭᠤᠯᠤᠨ ᠳᠠᠷᠢᠪᠠᠯ
ᠬᠠᠳᠠᠭᠤ ᠴᠢᠩᠭ᠋᠎ᠠ ᠳᠤᠷᠭᠤᠭᠠᠨᠠ ᠦᠦ
ᠠᠭᠯᠠᠭ ᠪᠠᠷᠳᠠᠭᠠᠳᠤ ᠠᠭᠤᠯᠠᠨ ᠳ᠋ᠤᠨᠢ
ᠠᠮᠢᠳᠠᠨ ᠠᠷᠢᠶᠠᠳᠠᠨ ᠪᠠᠢ᠌ᠬᠤ ᠯᠠ ᠪᠠ︖
ᠠᠩ ᠭᠦᠷᠦᠭᠡ ᠭᠢᠭᠦ ᠶᠢ
ᠠᠢ᠌ᠬᠤᠪᠳᠤᠷ ᠰᠥᠷᠡᠭᠡᠢ ᠴᠠᠭᠠᠵᠠᠯᠠᠨ᠎ᠠ ᠦᠦ︖
ᠬᠤᠪᠬᠠᠢ ᠴᠠᠭᠠᠨ ᠮᠠᠩᠬ᠎ᠠ ᠪᠠᠨ
ᠭᠢᠮᠳᠠ ᠦᠨ᠎ᠡ ᠪᠠᠷ ᠬᠤᠳᠠᠯᠳᠤᠨ᠎ᠠ ᠦᠦ︖
ᠬᠤᠵᠢᠷ ᠲᠡᠶ ᠳᠠᠯ᠎ᠠ ᠭᠠᠵᠠᠷ ᠶᠢᠡᠨ
ᠬᠤᠯᠠ ᠶᠢᠨ ᠭᠦᠮᠤᠨ ᠳᠤ ᠳᠠᠭᠠᠭᠠᠴᠢᠯᠠᠭᠤᠯᠤᠨ᠎ᠠ ᠦᠦ︖
ᠡᠪᠠᠰᠤᠨ ᠡᠮ ᠤᠨ ᠦᠨᠳᠦᠰᠦ
ᠡᠯᠪᠠᠭ᠌ ᠳᠡᠯᠪᠠᠭ᠌ ᠪᠠᠢ᠌ᠨ᠎ᠠ ᠪᠠ︖
ᠡᠷᠦᠵᠤ ᠮᠠᠯᠳᠠᠨ ᠬᠤᠳᠠᠯᠳᠤᠬᠤ ᠶᠢ
ᠡᠰᠡᠷᠭᠦᠴᠡᠭᠦ ᠭᠦᠮᠤᠨ ᠦᠭᠡᠶ ᠪᠠ︖
ᠡᠷᠳᠡᠨ ᠤ ᠬᠠᠭᠤᠴᠢᠨ ᠣᠩᠭ᠋ᠤᠨ
ᠡ᠊ᠨᠳᠡ ᠳᠠᠠᠳᠠ ᠪᠠᠢ᠌ᠬᠤ ᠯᠠ ᠪᠠ︖
ᠡᠷᠢᠵᠤ ᠠᠭᠤᠳᠠᠯᠠᠨ ᠠᠪᠬᠤ ᠶᠢ
ᠥᠭᠡᠷ᠎ᠡ ᠭᠦᠮᠤᠨ ᠬᠤᠷᠢᠭᠯᠠᠬᠤ ᠦᠭᠡᠶ ᠪᠠ︖
ᠮᠤᠳᠤ ᠨᠢᠷᠤᠭᠤ ᠣᠭᠳᠤᠯᠬᠤ ᠶᠢ
ᠮᠠᠷᠭᠤᠵᠤ ᠵᠤᠭᠰᠤᠭᠠᠬᠤ ᠭᠦᠮᠤᠨ ᠪᠠᠢ᠌ᠨ᠎ᠠ ᠦᠦ︖
ᠮᠤᠤᠷ ᠰᠠᠮᠵᠠ ᠳᠡᠵᠢᠭᠡᠭᠦ ᠶᠢ
ᠮᠠᠭᠤᠰᠢᠶᠠᠵᠤ ᠵᠢᠭ᠍ᠰᠢᠭᠦ ᠭᠦᠮᠤᠨ ᠪᠠᠢ᠌ᠨ᠎ᠠ ᠦᠦ︖
ᠭᠠᠵᠠᠷ ᠨᠤᠳᠤᠭ ᠲᠠᠭᠠᠨ ᠬᠠᠷᠠᠮᠴᠢ
ᠭᠠᠳᠠ ᠮᠠᠢ᠌ᠷᠡᠨ ᠪᠠᠢ᠌ᠬᠤ ᠦᠭᠡᠶ ᠪᠠ︖
ᠭᠠᠳᠠᠨᠠᠭᠢ ᠭᠦᠮᠤᠨ ᠳᠤ ᠠᠮᠠᠷᠠᠭ
ᠰᠧᠸᠠᠩ ᠨᠤᠶᠠᠨ ᠪᠠᠢ᠌ᠨ᠎ᠠ ᠦᠦ︖
ᠪᠦᠮᠪᠦᠷᠴᠡᠭ᠌ ᠤᠨ ᠳᠤᠰᠬᠤᠨ ᠴᠢᠨᠢ ᠪᠠᠭᠳᠠᠭᠠᠪᠠᠯ
ᠪᠢᠳᠠ ᠨᠡᠭᠦᠳᠡᠯᠯᠡᠵᠤ ᠣᠴᠢᠶ᠎ᠠ ᠳ᠋ᠠ︖
ᠪᠣᠭᠤᠳᠠᠯ ᠳᠠᠮᠵᠢᠭᠤᠷ ᠶᠢᠡᠨ ᠪᠡᠯᠡᠳᠭᠡᠵᠤ
ᠪᠣᠯᠪᠠᠰᠤᠨ ᠵᠠᠩ ᠲᠡᠶ ᠪᠠᠨ ᠭᠦᠷᠦᠶ᠎ᠡ︕
ᠭᠦᠷᠵᠡ ᠭᠤᠤᠲ᠋ᠸᠤ ᠪᠠᠨ ᠡᠭᠦᠷᠦᠶ᠎ᠡ︕
ᠭᠦᠯᠦᠭ᠌ ᠠᠠᠵᠢᠰᠤ ᠪᠠᠨ ᠴᠢᠷᠤᠶᠠ︕
ᠭᠢᠷᠦᠭᠡ ᠰᠥᠭᠡ ᠪᠠᠨ ᠮᠦᠷᠤᠯᠠᠶᠠ︕
ᠬᠠᠪᠬ᠎ᠠ ᠣᠷᠬ᠎ᠠ ᠪᠠᠨ ᠠᠴᠢᠶ᠎ᠠ︕
ᠥᠭᠡ ᠭᠡᠯᠡ ᠨᠡᠪᠳᠡᠷᠡᠭᠦ ᠦᠭᠡᠶ ᠴᠤ
ᠦᠨᠡᠠᠴᠢ ᠰᠢᠳᠤᠷᠭᠤ ᠣᠪᠣᠷᠯᠠᠶᠠ︕
ᠥᠭᠡᠷᠡᠴᠢᠯᠡᠵᠤ ᠨᠡᠭᠡᠭᠡᠤᠨ ᠳᠠᠭᠤᠰᠬᠠᠪᠠᠯ
ᠥᠭᠡᠷ᠎ᠡ ᠭᠠᠷᠠᠭ ᠳᠤᠨᠢ ᠭᠠᠷᠤᠶ᠎ᠠ︕
(2006 ᠣᠨ ᠤ 10 ᠰᠠᠷ᠎ᠠ ᠶᠢᠨ 1 ᠊ᠤ ᠡᠳᠦᠷ)
ᠵᠤᠬᠢᠶᠠᠭᠴᠢ᠄ ᠪᠤᠷᠵᠢᠭᠢᠨ ᠬᠠᠰ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 3225
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ