☆ ᠤᠯᠠᠭᠠᠨᠭᠡᠷᠡᠯ
ᠪᠦᠰᠡᠭᠦᠢ ᠭᠦᠮᠤᠨ
ᠰᠥ᠋ ᠰᠢᠩᠭᠡᠭ᠍ᠰᠡᠨ ᠪᠦᠪᠠᠢ ᠶᠢᠨ ᠣᠶᠠᠩᠭ᠋ᠠᠨ ᠡᠭᠡᠰᠢᠭ᠌
ᠰᠦᠨᠢ ᠭᠡᠷᠡᠯᠳᠦᠭᠦ ᠪᠢᠯᠢᠭ᠌ ᠤᠨ ᠳᠡᠷᠭᠡᠯ ᠰᠠᠷ᠎ᠠ
ᠰᠥᠰᠦᠭ᠌ ᠶᠢᠡᠷ ᠨᠤᠴᠤᠬᠤ ᠠᠪᠣ ᠶᠢᠨ ᠮᠥᠩᠭᠦᠨ ᠵᠤᠯᠠ
ᠰᠥᠷᠦᠭ᠌ ᠤᠨ ᠳᠡᠷᠭᠡᠳᠡ ᠪᠣᠯᠵᠤᠬᠤ ᠡᠷ᠎ᠡ ᠶᠢᠨ ᠣᠩᠭ᠋ᠤᠨ ᠬᠠᠢ᠌ᠷ᠎ᠠ
ᠪᠦᠰᠡᠭᠦᠢ ᠭᠦᠮᠤᠨ ᠪᠠᠢ᠌ᠨᠠᠮ᠃
ᠡᠮᠡᠭ᠍ᠴᠢᠨ ᠪᠣᠭᠤ ᠭᠤᠸ᠎ᠠ ᠮᠠᠷᠠᠯ ᠤᠨ ᠬᠤᠪᠢᠯᠤᠯ
ᠡᠷᠡᠭ᠍ᠴᠢᠨ ᠭᠦᠭᠡ ᠪᠦᠷᠳᠡ ᠴᠢᠨ᠋ᠸ᠎ᠠ ᠶᠢᠨ ᠭᠡᠷᠭᠡᠢ
ᠡᠵᠡᠨ ᠴᠢᠩᠭᠢᠰ ᠪᠠᠭᠠᠳᠤᠷᠴᠤᠳ ᠤᠨ ᠣᠮᠤᠭᠰᠢᠯ
ᠡᠭᠡ ᠥᠭᠡᠯᠤᠨ ᠠᠷᠢᠭᠤᠨ ᠰᠠᠤᠠᠭᠢᠯᠳᠠᠨ ᠤ ᠬᠤᠷᠸ᠎ᠠ
ᠪᠦᠰᠡᠭᠦᠢ ᠭᠦᠮᠤᠨ ᠪᠠᠢ᠌ᠨᠠᠮ᠃
ᠠᠤᠠᠬᠤᠭᠰᠠᠨ ᠮᠦᠰᠤᠨ ᠤ ᠣᠬᠠᠭᠠᠨ ᠶᠢᠡᠷ
ᠠᠯᠠᠭ ᠦᠷᠡᠰ ᠶᠢᠡᠨ ᠰᠤᠷᠭᠠᠭᠰᠠᠨ
ᠠᠤᠭ᠎ᠠ ᠰᠠᠤᠠᠭᠢᠯᠳᠤ ᠠᠯᠤᠨ ᠭᠤᠸ᠎ᠠ ᠡᠭᠡ ᠶᠢᠨ
ᠠᠯᠳᠠᠷᠠᠢ ᠨᠠᠰᠤᠨ ᠤ ᠵᠠᠯᠭᠠᠮᠵᠢ
ᠪᠦᠰᠡᠭᠦᠢ ᠭᠦᠮᠤᠨ ᠪᠠᠢ᠌ᠨᠠᠮ᠃
ᠠᠭᠳᠠ ᠪᠠᠨ ᠣᠨᠤᠵᠤ ᠵᠢᠳᠠ ᠪᠠᠨ ᠡᠷᠭᠦᠨ
ᠠᠭᠤᠤ ᠲᠦᠷᠦ ᠪᠠᠨ ᠬᠠᠮᠠᠭᠠᠯᠠᠵᠤ ᠴᠢᠳᠠᠭᠰᠠᠨ ᠪᠣᠶᠤ
ᠠᠯᠳᠠᠷᠠᠭᠰᠠᠨ ᠮᠠᠯᠠᠭᠠᠢ ᠪᠠᠨ ᠠᠪᠴᠤ ᠵᠠᠪᠳᠤᠯ ᠦᠭᠡᠶ
ᠠᠯᠳᠠᠨ ᠣᠷᠤᠭ ᠶᠢᠡᠨ ᠵᠠᠯᠭᠠᠮᠵᠢᠯᠠᠵᠤ ᠴᠢᠳᠠᠭᠰᠠᠨ
ᠠᠤᠭ᠎ᠠ ᠬᠠᠳᠤᠨ ᠮᠠᠠᠳᠤᠬᠠᠢ ᠰᠠᠴᠠᠨ ᠤ
ᠠᠯᠳᠠᠷ ᠨᠠᠷᠠ ᠶᠢᠨ ᠴᠤᠤᠷᠢᠶ᠎ᠠ
ᠪᠦᠰᠡᠭᠦᠢ ᠭᠦᠮᠤᠨ ᠪᠠᠢ᠌ᠨᠠᠮ᠃
ᠪᠣᠷᠤᠭᠠᠨ ᠤ ᠳᠠᠷᠠᠭᠠᠭᠢ ᠪᠢᠳᠡᠭᠦᠤ ᠭᠦᠰᠢᠭ᠍ᠰᠡᠨ ᠰᠤᠯᠤᠩᠭ᠋᠎ᠠ
ᠪᠣᠯᠭᠢ ᠠᠮᠢᠳᠤᠷᠠᠯ ᠤᠨ ᠪᠣᠶᠠᠨ ᠴᠠᠭᠠᠨ ᠮᠦᠰᠢᠶᠠᠯ
ᠪᠦᠷᠳᠦᠯᠵᠡᠭᠦ ᠳᠡᠦᠭᠡ ᠶᠢᠨ ᠪᠦᠳᠤᠨ ᠬᠠᠷ᠎ᠠ ᠴᠡᠴᠡᠭᠡᠢ
ᠪᠦᠷᠢᠯᠳᠦᠭᠦ ᠡᠰ ᠤᠨ ᠪᠦᠯᠢᠶᠡᠨ ᠬᠠᠯᠠᠭᠤᠨ ᠢᠯᠴᠢ
ᠪᠦᠰᠡᠭᠦᠢ ᠭᠦᠮᠤᠨ ᠪᠠᠢ᠌ᠨᠠᠮ᠃
(《ᠬᠤᠨ ᠭᠠᠯᠠᠭᠤ》 2005 ᠣᠨ ᠤ 10 ᠳ᠋ᠤᠭᠠᠷ ᠬᠤᠭᠤᠴᠠᠭ᠎ᠠ)
ᠵᠤᠬᠢᠶᠠᠭᠴᠢ᠄ ᠤᠯᠠᠭᠠᠨᠭᠡᠷᠡᠯ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3056
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ