ᠨᠡᠪᠲᠡᠷᠡᠨ ᠤᠷᠤᠬᠤ
《ᠮᠢᠨᠤ ᠪᠠᠭᠰᠢ》 ᠭᠡᠭᠦ ᠭᠢᠴᠢᠶᠠᠯ ᠢ ᠵᠢᠭᠠᠭᠰᠠᠨ ᠤ ᠳᠠᠷᠠᠭᠠᠭᠢ ᠡᠷᠭᠢᠴᠡᠭᠦᠯᠦᠯ

ᠠᠷᠪᠠᠨ ᠭᠡᠳᠤᠨ ᠵᠢᠯ ᠪᠠᠭᠰᠢ ᠶᠢᠨ ᠠᠯᠪᠠ ᠳᠤ ᠭᠦᠴᠤ ᠭᠦᠳᠡᠯᠮᠦᠷᠢ᠂ ᠭᠦᠯᠦᠰᠤ ᠴᠢᠰᠤ ᠪᠠᠨ ᠣᠷᠤᠰᠬᠠᠵᠤ ᠶᠠᠪᠣᠬᠤ ᠳᠤ ᠪᠠᠨ ᠡᠨᠡ ᠡᠳᠦᠷ ᠡᠨᠡ ᠭᠢᠴᠢᠶᠠᠯ ᠢ ᠵᠢᠭᠠᠬᠤ ᠳᠤ ᠪᠠᠨ ᠭᠡᠮᠵᠢᠶᠡᠯᠡᠰᠢ ᠦᠭᠡᠶ ᠪᠠᠶᠠᠷ ᠪᠠᠬᠠᠳᠤᠯ ᠪᠠ ᠣᠮᠤᠭᠰᠢᠯ ᠤᠨ ᠳᠤᠮᠳᠠ ᠵᠢᠭᠠᠨ ᠰᠤᠷᠭᠠᠯᠳᠠ ᠪᠠᠨ ᠶᠠᠪᠣᠭᠳᠠᠭᠤᠯᠤᠭᠰᠠᠨ ᠳᠤ ᠪᠠᠨ ᠳᠤᠩ ᠶᠡᠭᠡ ᠰᠡᠳᠭᠢᠯ ᠭᠦᠳᠡᠯᠵᠤ ᠪᠣᠢ᠃ ᠳᠤᠰ ᠭᠢᠴᠢᠶᠠᠯ ᠳᠦᠭ᠌ ᠲᠦᠮᠡᠨ ᠪᠠᠭᠰᠢ ᠶᠢᠨ ᠳᠦᠷᠢ ᠳᠦᠷᠭᠦ ᠶᠢ ᠠᠮᠢᠳᠤ ᠳᠦᠷᠰᠦᠯᠢᠭ᠌ ᠬᠠᠷᠠᠭᠤᠯᠤᠭᠰᠠᠨ ᠭᠢᠴᠢᠶᠠᠯ ᠪᠣᠯᠤᠨ᠎ᠠ᠃ ᠳᠤᠰ ᠭᠢᠴᠢᠶᠠᠯ ᠪᠣᠯ ᠳᠤᠷᠠᠰᠤᠮᠵᠢ ᠶᠢᠨ ᠭᠢᠴᠢᠶᠠᠯ ᠪᠣᠯᠤᠨ᠎ᠠ᠃ ᠭᠢᠴᠢᠶᠠᠯ ᠳᠤ 《ᠪᠢ》 ᠠᠩᠬᠠᠳᠠᠭᠴᠢ ᠪᠠᠭᠰᠢ ᠶᠢᠨ ᠪᠠᠶᠠᠷ ᠢ ᠣᠭᠳᠤᠨ ᠪᠠᠯᠭᠡᠯᠡᠭᠦ ᠳᠠᠰᠢᠷᠠᠮ ᠶᠢᠡᠷ ᠦᠪᠡᠷ ᠤᠨ ᠭᠢᠨᠢ ᠰᠡᠳᠭᠢᠯ ᠵᠢᠷᠦᠭᠡᠨ ᠳᠤ ᠬᠤᠨᠤᠭᠰᠢᠭᠰᠠᠨ ᠪᠠᠭ᠎ᠠ ᠰᠤᠷᠭᠠᠭᠤᠯᠢ ᠶᠢᠨ ᠦᠶ᠎ᠡ ᠶᠢᠨ ᠪᠠᠭᠰᠢ ᠪᠠᠨ ᠳᠤᠷᠠᠰᠤᠨ ᠰᠠᠨᠠᠭᠠᠯᠵᠠᠵᠤ᠂ ᠬᠡᠦᠬᠡᠳ ᠨᠠᠰᠤᠨ ᠤ ᠠᠮᠢᠳᠤᠷᠠᠯ ᠶᠢᠡᠨ ᠡᠷᠭᠢᠴᠡᠭᠦᠯᠤᠨ ᠳᠤᠭᠠᠴᠢᠬᠤ ᠪᠠᠷ ᠳᠠᠮᠵᠢᠭᠤᠯᠵᠤ᠂ ᠪᠠᠭᠰᠢ ᠶᠢᠨ ᠶᠢᠡᠨ ᠬᠠᠢ᠌ᠷ᠎ᠠ ᠬᠠᠯᠠᠮᠵᠢ ᠭᠢᠭᠡᠳ ᠭᠠᠪᠢᠶ᠎ᠠ ᠵᠢᠳᠭᠦᠯ ᠢ ᠨᠢᠳᠤᠨ ᠳᠤ ᠥᠵᠡᠭ᠍ᠳᠡᠮ᠎ᠡ ᠵᠢᠷᠤᠭᠯᠠᠨ ᠳᠦᠷᠰᠤᠯᠠᠵᠤ᠂ ᠪᠠᠭᠰᠢ ᠪᠠᠨ ᠭᠦᠡᠳᠦᠳᠭᠡᠨ ᠬᠠᠢ᠌ᠷᠠᠯᠠᠬᠤ ᠰᠡᠳᠬᠢᠯᠭᠡ ᠪᠠᠨ ᠢᠯᠡᠳᠭᠡᠭ᠍ᠰᠡᠨ ᠪᠠᠢ᠌ᠨ᠎ᠠ᠃ ᠳᠤᠤᠷ᠎ᠠ ᠪᠢ ᠳᠤᠰ ᠭᠢᠴᠢᠶᠠᠯ ᠢ ᠵᠢᠭᠠᠭᠰᠠᠨ ᠶᠠᠪᠣᠴᠠ ᠪᠠᠨ ᠭᠤᠷᠪᠠᠨ ᠠᠯᠬᠤᠮ ᠶᠢᠡᠷ ᠡᠷᠭᠢᠴᠡᠭᠦᠯᠤᠨ ᠳ᠋ᠦ᠋ᠩᠨᠠᠶ᠎ᠠ᠃

ᠨᠢᠭᠡ᠂ ᠭᠤᠤᠯᠳᠠᠯᠭ᠎ᠠ ᠭᠦᠴᠢᠷᠳᠡᠯᠭᠡ ᠪᠠᠨ ᠰᠢ᠌ᠳᠪᠦᠷᠢᠯᠡᠭᠦ ᠪᠠᠷ ᠬᠠᠷᠠᠯᠳᠠ ᠪᠣᠯᠭᠠᠵᠤ ᠵᠢᠭᠠᠨ ᠰᠤᠷᠭᠠᠯᠳᠠ ᠪᠠᠨ ᠶᠠᠪᠣᠭᠳᠠᠭᠤᠯᠪᠠ᠃

ᠪᠠᠭᠰᠢ ᠡᠴᠠ ᠭᠢᠴᠢᠶᠠᠯ ᠤᠨ ᠠᠭᠤᠯᠭ᠎ᠠ ᠰᠠᠨᠠᠭ᠎ᠠ ᠶᠢ ᠭᠦᠡᠵᠡᠭᠡᠢ ᠣᠢ᠌ᠯᠠᠭᠠᠭᠤᠯᠵᠤ᠂ ᠰᠤᠷᠤᠭᠴᠢᠳ ᠲᠤ ᠪᠠᠭᠰᠢ ᠪᠠᠨ ᠭᠦᠡᠳᠦᠳᠭᠡᠭᠦ᠂ ᠪᠠᠭᠰᠢ ᠶᠢᠨ ᠭᠦᠴᠤ ᠭᠦᠳᠡᠯᠮᠦᠷᠢ ᠶᠢ ᠣᠢ᠌ᠯᠠᠭᠠᠬᠤ᠂ ᠪᠠᠭᠰᠢ ᠶᠢᠨ ᠠᠴᠢ ᠭᠠᠪᠢᠶ᠎ᠠ ᠶᠢ ᠮᠡᠳᠡᠷᠡᠭᠦ ᠭᠦᠮᠦᠵᠢᠯ ᠭᠦᠷᠳᠡᠭᠡᠭᠦ ᠪᠠᠷ ᠭᠢᠴᠢᠶᠠᠯ ᠤᠨ ᠭᠤᠤᠯᠳᠠᠯᠭ᠎ᠠ ᠪᠣᠯᠭᠠᠵᠤ᠂ ᠭᠢᠴᠢᠶᠠᠯ ᠤᠨ ᠠᠭᠤᠯᠭ᠎ᠠ ᠶᠢ ᠵᠠᠳᠠᠯᠤᠨ ᠬᠤᠷᠢᠶᠠᠩᠭ᠋ᠣᠢ᠌ᠯᠠᠵᠤ ᠡᠵᠡᠮᠰᠢᠭᠦᠯᠦᠭ᠍ᠰᠡᠨ ᠰᠠᠭᠤᠷᠢᠨ ᠳᠡᠭᠡᠷ᠎ᠡ ᠵᠤᠬᠢᠶᠠᠭᠴᠢ ᠶᠢᠨ ᠦᠵᠡᠯ ᠰᠡᠳᠬᠢᠯᠭᠡ ᠶᠢ ᠵᠢᠩᠭᠢᠨᠢ ᠣᠢ᠌ᠯᠠᠭᠠᠭᠤᠯᠵᠤ ᠡᠵᠡᠮᠰᠢᠭᠦᠯᠭᠦ ᠳᠡᠭᠡᠷ᠎ᠡ ᠭᠢᠴᠢᠶᠠᠯ ᠤᠨ ᠭᠦᠴᠢᠷᠳᠡᠯᠭᠡ ᠪᠠᠨ ᠳᠠᠯᠪᠢᠭᠰᠠᠨ ᠪᠠᠢ᠌ᠨ᠎ᠠ᠃ ᠪᠠᠭᠰᠢ ᠡᠴᠠ ᠭᠢᠴᠢᠶᠠᠯ ᠤᠨ ᠭᠦᠡᠳᠤ ᠥᠭᠡᠰ ᠢ ᠡᠵᠡᠮᠰᠢᠭᠦᠯᠦᠭ᠍ᠰᠡᠨ ᠤ ᠳᠠᠷᠠᠭ᠎ᠠ᠂ ᠣᠩᠰᠢᠯᠭ᠎ᠠ ᠶᠢᠨ ᠪᠣᠭᠤᠮᠳᠠ ᠶᠢ ᠳᠠᠪᠠᠬᠤ ᠳᠤ ᠭᠦᠴᠤ ᠳᠠᠯᠪᠢᠵᠤ᠂ ᠣᠯᠠᠠᠳᠠ ᠣᠩᠰᠢᠭᠤᠯᠵᠤ᠂ ᠣᠯᠠᠨ ᠠᠷᠭ᠎ᠠ ᠭᠡᠯᠪᠠᠷᠢ ᠪᠠᠷ ᠣᠩᠰᠢᠯᠭ᠎ᠠ ᠶᠢ ᠠᠳᠬᠤᠵᠤ᠂ ᠭᠦᠮᠤᠨ ᠪᠦᠷᠢ ᠶᠢᠨ ᠣᠩᠰᠢᠯᠭ᠎ᠠ ᠶᠢ ᠣᠷᠤᠰᠤᠮ᠎ᠠ ᠪᠣᠯᠪᠠᠰᠤᠷᠠᠩᠭ᠋ᠤᠢ ᠭᠡᠮᠵᠢᠶᠡᠨ ᠳᠤ ᠭᠦᠷᠭᠡᠭ᠍ᠰᠡᠨ ᠪᠠᠢ᠌ᠨ᠎ᠠ᠃ ᠡᠭᠦᠨ ᠤ ᠰᠠᠭᠤᠷᠢᠨ ᠳᠡᠭᠡᠷ᠎ᠡ ᠭᠢᠴᠢᠶᠠᠯ ᠶᠢᠡᠨ ᠵᠠᠳᠠᠯᠵᠤ᠂ ᠵᠤᠬᠢᠶᠠᠭᠴᠢ ᠶᠢᠨ 《ᠣᠯᠠᠭᠠᠨ ᠪᠦᠴᠡ》 ᠪᠠᠷ ᠰᠢᠵᠢᠮ ᠪᠣᠯᠭᠠᠵᠤ᠂ 《ᠣᠯᠠᠭᠠᠨ ᠪᠦᠴᠡ》 ᠶ᠋ᠢᠨ ᠳᠤᠭᠤᠷᠢᠨ ᠳᠤ ᠪᠠᠭ᠎ᠠ ᠰᠤᠷᠭᠠᠭᠤᠯᠢ ᠶᠢᠨ ᠦᠶ᠎ᠡ ᠶᠢᠨ ᠭᠡᠰᠡᠭ᠌ ᠠᠮᠢᠳᠤᠷᠠᠯ ᠶᠢᠡᠨ ᠡᠷᠭᠢᠴᠡᠭᠦᠯᠤᠨ ᠪᠢᠴᠢᠭ᠍ᠰᠡᠨ ᠭᠡᠳᠤᠨ ᠣᠴᠢᠷ ᠢ ᠨᠠᠷᠢᠨ ᠳᠠᠢ᠌ᠯᠪᠣᠷᠢᠯᠠᠵᠤ ᠤᠢ᠌ᠯᠠᠭᠠᠭᠤᠯᠪᠠ᠃ ᠡᠨᠡᠭᠦ ᠶᠠᠪᠣᠴᠠ ᠳᠤᠮᠳᠠ ᠥᠭᠡᠷ ᠪᠢᠷᠠᠭᠤ ᠪᠣᠷᠪᠢᠳᠠᠵᠤ ᠭᠦᠵᠦᠭᠦᠤ ᠭᠠᠷ ᠶᠢᠡᠨ ᠰᠠᠭᠠᠷᠢᠳᠤᠭᠤᠯᠤᠭᠰᠠᠨ ᠭᠦᠳᠡᠭᠡ ᠶᠢᠨ ᠪᠣᠷᠤ ᠭᠦᠤ᠂ ᠳᠠᠪᠣᠳᠤᠭᠠᠷ ᠣᠨ ᠳᠤ ᠳᠠᠪᠰᠢᠳᠠᠯ᠎ᠠ ᠪᠠᠨ ᠣᠯᠠᠭᠠᠨ ᠪᠦᠴᠡ ᠣᠯᠵᠤ ᠵᠡᠭᠦᠭᠡ ᠦᠭᠡᠶ ᠳᠤ ᠪᠠᠨ ᠳᠤᠩ ᠶᠡᠭᠡ ᠵᠤᠪᠠᠵᠤ ᠭᠤᠳᠤᠷᠠᠳᠠᠭ ᠪᠠᠢ᠌ᠭᠰᠠᠨ ᠨᠢ ᠰᠢᠨ᠎ᠠ ᠪᠠᠭᠰᠢ ᠊᠊᠊᠊᠊᠊᠊᠊᠊᠊᠊᠊᠊᠊᠊ ᠡ᠊ ᠪᠠᠭᠰᠢ ᠶᠢᠨ ᠰᠠᠨᠠᠭᠠᠨ ᠡᠴᠠ ᠭᠠᠳᠠᠭᠤᠷᠭᠢ ᠭᠦᠯᠢᠴᠡᠩᠭᠦᠢ ᠵᠥᠭᠡᠯᠡᠨ ᠣᠪᠣᠷ ᠪᠠᠢ᠌ᠳᠠᠯ ᠨᠢ ᠠᠯᠢᠶ᠎ᠠ ᠵᠠᠩ ᠲᠡᠶ 《ᠪᠢ》 ᠶ᠋ᠢᠨ ᠭᠠᠢ᠌ᠬᠠᠯ ᠪᠢᠰᠢᠷᠠᠯ ᠢ ᠳᠠᠳᠠᠭᠰᠠᠨ ᠪᠠ ᠡ᠊ ᠪᠠᠭᠰᠢ ᠶᠢᠨ ᠬᠠᠯᠠᠮᠵᠢᠯᠠᠯ ᠵᠤᠷᠢᠭᠵᠢᠭᠤᠯᠤᠯ ᠶᠢᠡᠷ ᠭᠦᠰᠡᠵᠤ ᠰᠠᠨᠠᠭᠰᠠᠨ ᠣᠯᠠᠭᠠᠨ ᠪᠦᠴᠡ ᠪᠠᠨ ᠣᠯᠵᠤ ᠵᠡᠭᠦᠭ᠍ᠰᠡᠨ ᠨᠢ ᠵᠤᠬᠢᠶᠠᠭᠴᠢ ᠶᠢᠨ ᠨᠢᠭᠡ ᠨᠠᠰᠤᠨ ᠤ ᠮᠠᠷᠳᠠᠭᠳᠠᠰᠢ ᠦᠭᠡᠶ ᠳᠤᠷᠠᠳᠬᠠᠯ ᠪᠣᠯᠤᠭᠰᠠᠨ ᠶᠢᠡᠷ ᠪᠠᠷᠠᠬᠤ ᠦᠭᠡᠶ ᠳᠡᠭᠦᠨ ᠤ ᠨᠢᠭᠡ ᠨᠠᠰᠤ ᠶᠢ ᠨᠥᠯᠦᠭᠡᠯᠡᠵᠤ᠂ ᠬᠤᠵᠢᠮ ᠨᠢ ᠪᠠᠭᠰᠢ ᠶᠢᠨ ᠶᠢᠡᠨ ᠮᠦᠷ ᠶᠢᠡᠷ ᠪᠠᠭᠰᠢ ᠶᠢᠨ ᠠᠯᠪᠠᠨ ᠳᠤ ᠭᠠᠷᠤᠭᠰᠠᠨ ᠵᠤᠬᠢᠶᠠᠭᠴᠢ ᠶᠢᠨ ᠰᠡᠳᠬᠢᠯᠭᠡ ᠶᠢ ᠣᠢ᠌ᠯᠠᠭᠠᠭᠤᠯᠵᠤ᠂ ᠪᠠᠭᠰᠢ ᠭᠦᠮᠤᠨ ᠤ ᠡᠨᠡᠷᠢᠩᠭᠦᠢ ᠵᠥᠭᠡᠯᠡᠨ᠂ ᠳᠡᠰᠪᠦᠷᠢ ᠳᠠᠭᠠᠮᠠᠭᠠᠢ ᠣᠪᠣᠷ ᠰᠤᠷᠳᠠᠯ᠂ ᠰᠤᠷᠤᠭᠴᠢ ᠳᠤ ᠪᠠᠨ ᠪᠢᠴᠢᠭ᠌ ᠵᠢᠭᠠᠬᠤ ᠶᠢᠨ ᠬᠠᠮᠳᠤ ᠭᠦᠮᠤᠨ ᠪᠣᠯᠬᠤ ᠶᠤᠰᠤ ᠶᠢ ᠰᠤᠷᠭᠠᠵᠤ ᠪᠠᠢ᠌ᠬᠤ ᠪᠠᠭᠰᠢ ᠶᠢᠨ ᠭᠦᠴᠤ ᠭᠦᠳᠡᠯᠮᠦᠷᠢ᠂ ᠡᠡᠴᠢ ᠭᠠᠪᠢᠶ᠎ᠠ ᠶᠢ ᠦᠨᠡᠩᠬᠦ ᠳᠠᠨᠢᠭᠤᠯᠵᠤ ᠴᠢᠳᠠᠪᠠ᠃ ᠭᠢᠴᠢᠶᠠᠯ ᠳᠤ ᠡ᠊ ᠪᠠᠭᠰᠢ ᠶᠢᠨ ᠳᠦᠷᠢ ᠪᠠᠷ ᠳᠠᠮᠵᠢᠨ᠂ ᠪᠢᠳᠠᠨ ᠤ ᠪᠣᠳᠠᠳᠤ ᠠᠮᠢᠳᠤᠷᠠᠯ ᠳᠤᠮᠳᠠᠭᠢ ᠪᠠᠭᠰᠢ ᠶᠢᠨ ᠳᠦᠷᠢ ᠳᠦᠷᠭᠦ ᠶᠢ ᠳᠠᠨᠢᠭᠤᠯᠵᠤ᠂ ᠰᠤᠷᠤᠭᠴᠢ ᠶᠢᠨ ᠲᠦᠯᠦᠭᠡ ᠵᠢᠳᠭᠦᠨ ᠴᠢᠷᠮᠠᠢ᠌ᠵᠤ ᠪᠠᠢ᠌ᠭ᠎ᠠ ᠮᠠᠨ ᠤ ᠪᠠᠭᠰᠢ ᠭᠦᠮᠦᠰ ᠤᠨ ᠰᠡᠳᠬᠢᠯᠭᠡ ᠶᠢ ᠣᠶᠠᠯᠳᠤᠭᠤᠯᠤᠨ ᠣᠢ᠌ᠯᠠᠭᠠᠭᠤᠯᠵᠠᠢ᠃ ᠪᠠᠭᠰᠢ ᠭᠢᠴᠢᠶᠠᠯ ᠶᠢᠡᠷ ᠳᠠᠮᠵᠢᠨ ᠰᠤᠷᠤᠭᠴᠢᠳ ᠤᠨ ᠳᠤᠳᠤᠭᠠᠳᠤ ᠪᠣᠳᠤᠯ ᠰᠡᠳᠬᠢᠯᠭᠡ ᠳᠤ ᠭᠦᠡᠵᠡᠭᠡᠢ᠌ᠷᠡᠵᠤ᠂ ᠳᠠᠳᠠᠨ ᠤ ᠪᠢᠴᠢᠬᠠᠨ ᠪᠣᠳᠤᠯ ᠳ᠋ᠠᠭᠢ ᠪᠠᠭᠰᠢ ᠶᠢᠨ ᠳᠦᠷᠢ ᠳᠦᠷᠭᠦ ᠶᠠᠮᠠᠷᠬᠠᠨ ᠪᠠᠢ᠌ᠳᠠᠭ ᠢ ᠣᠢ᠌ᠯᠠᠭᠠᠬᠤ ᠡᠭᠦᠳᠡᠨ ᠡᠴᠠ ᠭᠢᠴᠢᠶᠠᠯ ᠡᠴᠠ ᠣᠯᠤᠭᠰᠠᠨ ᠣᠢ᠌ᠯᠠᠭᠠᠯᠳᠠ ᠳᠦᠷᠦᠭ᠍ᠳᠡᠯ ᠪᠢᠴᠢᠭᠦᠯᠭᠦ ᠦᠶᠡᠰ ᠰᠤᠷᠤᠭᠴᠢᠳ ᠦᠨᠡᠩᠬᠦ ᠦᠪᠡᠷ ᠦᠪᠡᠷ ᠤᠨ ᠪᠣᠳᠤᠯ ᠰᠡᠳᠬᠢᠯᠭᠡ ᠪᠠᠨ ᠠᠭᠤᠰᠬᠠᠵᠤ ᠪᠢᠴᠢᠪᠠ᠃

ᠬᠤᠶᠠᠷ᠂ ᠰᠤᠷᠤᠭᠴᠢᠳ ᠲᠤ ᠵᠤᠬᠢᠶᠠᠯ ᠤᠨ ᠪᠢᠴᠢᠯᠭᠡ ᠶᠢᠨ ᠣᠠᠴᠠᠯᠢᠭ ᠢ ᠮᠡᠳᠡᠭᠦᠯᠵᠤ᠂ ᠵᠦᠭᠢᠶᠡᠨ ᠪᠢᠴᠢᠯᠭᠡ ᠶᠢᠨ ᠵᠢᠯᠤᠭᠤᠳᠤᠮᠵᠢ ᠥᠵᠡᠭᠦᠯᠤᠨ᠎ᠡ᠃

ᠵᠤᠬᠢᠶᠠᠭᠴᠢ ᠳᠤᠰ ᠵᠤᠬᠢᠶᠠᠯ ᠶᠢᠡᠨ 《᠁ ᠪᠠᠭ᠎ᠠ ᠰᠤᠷᠭᠠᠭᠤᠯᠢ ᠳᠡᠭᠦᠰᠭᠦ ᠦᠶ᠎ᠡ ᠶᠢᠨ ᠠᠩᠭᠢ ᠶᠢᠨ ᠡᠷᠭᠢᠯᠡᠭ᠍ᠴᠢ ᠪᠠᠭᠰᠢ ᠮᠢᠨᠢ ᠡᠷᠭᠡ ᠦᠭᠡᠶ ᠳᠤᠷᠠᠰᠤᠭᠳᠠᠯ᠎ᠠ》 ᠭᠡᠵᠤ ᠡᠭᠢᠯᠡᠭ᠍ᠰᠡᠨ ᠨᠢ ᠳᠤᠷᠠᠳᠬᠠᠯ ᠤᠨ ᠰᠠᠨᠠᠭ᠎ᠠ ᠪᠠᠨ ᠰᠢᠭᠤᠳ ᠢᠯᠡᠳᠭᠡᠪᠡ᠃ ᠳᠡᠭᠡᠭᠦ ᠪᠠᠷ ᠳᠤᠰ ᠵᠤᠬᠢᠶᠠᠯ ᠪᠢᠴᠢᠯᠭᠡ ᠶᠢᠨ ᠬᠤᠪᠢ ᠳᠤ ᠳᠤᠩᠭ᠋ᠤᠷᠤᠤ ᠳᠤᠭᠠᠴᠢᠯᠳᠠ ᠪᠠᠷ ᠡᠭᠢᠯᠡᠭᠦᠯᠦᠭ᠍ᠰᠡᠨ ᠪᠢᠴᠢᠯᠭᠡ ᠶᠢᠨ ᠠᠷᠭ᠎ᠠ ᠶᠢ ᠮᠡᠳᠡᠭᠦᠯᠵᠤ ᠬᠤᠵᠢᠮ ᠤᠨ ᠵᠤᠬᠢᠶᠠᠨ ᠪᠢᠴᠢᠯᠭᠡ ᠳᠤ ᠪᠠᠨ ᠳᠤᠩᠭ᠋ᠤᠷᠤᠤ ᠳᠤᠭᠠᠴᠢᠯᠳᠠ ᠭᠡᠷᠡᠭᠯᠡᠭᠦ ᠶᠢ ᠰᠤᠷᠭᠠᠨ᠎ᠠ᠃ ᠵᠤᠬᠢᠶᠠᠯ ᠤᠨ ᠡᠷᠭᠢᠴᠡᠭᠦᠯᠦᠯ ᠤᠨ ᠭᠡᠰᠡᠭ᠌ ᠳᠠᠭᠢ ᠪᠦᠭᠦᠢᠯᠡ ᠣᠢ᠌ᠯᠠ ᠶᠠᠪᠣᠳᠠᠯ ᠶᠢᠡᠨ 《ᠣᠯᠠᠭᠠᠨ ᠪᠦᠴᠡ》 ᠪᠠᠷ ᠰᠢᠵᠢᠮᠯᠠᠨ ᠪᠢᠴᠢᠭ᠍ᠰᠡᠨ ᠨᠢ ᠵᠤᠬᠢᠶᠠᠯ ᠤᠨ ᠡᠭᠢᠯᠡᠯᠳᠡ ᠲᠡᠶ ᠪᠠᠨ ᠠᠪᠴᠠᠯᠳᠤᠵᠤ᠂ ᠵᠤᠬᠢᠶᠠᠭᠴᠢ ᠶᠢᠨ ᠦᠵᠡᠯ ᠰᠡᠳᠬᠢᠯᠭᠡ ᠶᠢ ᠨᠠᠩ ᠳᠤᠳᠤᠷᠬᠠᠢ ᠢᠯᠡᠳᠭᠡᠵᠤ ᠵᠤᠬᠢᠶᠠᠮᠵᠢ ᠶᠢ ᠣᠯᠠᠮ ᠨᠢᠭᠳᠠ ᠪᠣᠯᠭᠠᠭᠰᠠᠨ ᠢ ᠮᠡᠳᠡᠭᠦᠯᠵᠡᠢ᠃ ᠮᠦᠨ ᠴᠤ ᠭᠦᠮᠤᠨ ᠤ ᠳᠤᠳᠤᠭᠠᠳᠤ ᠰᠡᠳᠬᠢᠯᠭᠡ ᠶᠢᠨ ᠭᠦᠳᠡᠯᠭᠡᠭᠡᠨ ᠢ ᠥᠭᠡ ᠶᠠᠷᠢᠶ᠎ᠠ᠂ ᠣᠢ᠌ᠯᠠ ᠭᠦᠳᠡᠯᠦᠯ ᠯᠦᠭᠡ ᠬᠤᠤᠰᠯᠠᠭᠤᠯᠤᠨ ᠵᠢᠷᠤᠭᠯᠠᠬᠤ ᠪᠠᠷ ᠳᠠᠮᠵᠢᠨ ᠳᠦᠷᠢ ᠶᠢᠨ ᠵᠠᠩ ᠴᠢᠨᠠᠷ ᠢ ᠨᠢᠳᠤᠨ ᠳᠤ ᠥᠵᠡᠭ᠍ᠳᠡᠮ᠎ᠡ ᠳᠦᠷᠰᠤᠯᠠᠨ ᠪᠦᠳᠦᠭᠡᠭ᠍ᠰᠡᠨ ᠠᠷᠭ᠎ᠠ ᠶᠢ ᠰᠤᠷᠤᠯᠴᠠᠭᠤᠯᠪᠠ᠃

ᠭᠤᠷᠪᠠ᠂ ᠵᠢᠭᠠᠨ ᠰᠤᠷᠭᠠᠯᠳᠠ ᠶᠢᠨ ᠶᠠᠪᠣᠴᠠ ᠳᠤᠮᠳᠠ ᠣᠷᠤᠰᠢᠭᠰᠠᠨ ᠠᠰᠠᠭᠤᠳᠠᠯ ᠪᠠ ᠬᠣᠢ᠌ᠰᠢᠳᠠ ᠠᠩᠬᠠᠷᠬᠤ ᠵᠣᠢ᠌ᠯᠠᠰ᠄

① ᠪᠠᠭᠰᠢ ᠡᠴᠠ ᠣᠩᠰᠢᠯᠭ᠎ᠠ ᠶᠢ ᠴᠢᠩᠭ᠎ᠠ ᠠᠳᠬᠤᠵᠤ ᠣᠩᠰᠢᠯᠭ᠎ᠠ ᠶᠢᠨ ᠪᠣᠭᠤᠮᠳᠠ ᠶᠢ ᠳᠠᠪᠠᠵᠤ ᠴᠢᠳᠠᠭᠰᠠᠨ ᠪᠣᠯᠪᠠᠴᠤ ᠨᠢᠭᠡᠨ ᠳᠠᠪᠣᠳᠤᠭᠠᠷ ᠣᠨ ᠤ ᠰᠤᠷᠤᠭᠴᠢᠳ ᠲᠤ ᠠᠪᠴᠤ ᠭᠡᠯᠡᠪᠠᠯ ᠣᠩᠰᠢᠯᠭ᠎ᠠ ᠳᠤ ᠳᠠᠢ᠌ᠮᠤ ᠶᠡᠭᠡ ᠴᠠᠭ ᠵᠠᠷᠤᠴᠠᠭᠤᠯᠬᠤ ᠴᠢᠬᠤᠯᠠ ᠦᠭᠡᠶ᠃ ᠭᠢᠴᠢᠶᠠᠯ ᠣᠷᠳᠤ ᠪᠣᠯᠪᠠᠴᠤ ᠭᠦᠴᠢᠷ ᠥᠭᠡ ᠠᠷᠪᠢᠨ ᠪᠢᠰᠢ᠂ ᠳᠠᠢ᠌ᠮᠤ ᠡᠴᠠ ᠰᠤᠷᠤᠭᠴᠢᠳ ᠣᠷᠤᠰᠤᠮ᠎ᠠ ᠣᠩᠰᠢᠯᠭ᠎ᠠ ᠪᠠ ᠣᠩᠰᠢᠯᠭ᠎ᠠ ᠶᠢᠨ ᠬᠤᠷᠳᠤᠴᠠ ᠪᠠᠨ ᠶᠡᠭᠡᠭᠡᠨ ᠳᠡᠭᠡᠭ᠍ᠰᠢᠯᠡᠭᠦᠯᠭᠦ ᠴᠢᠬᠤᠯᠳᠠᠢ᠃

② ᠬᠠᠮᠳᠤᠷᠠᠨ ᠰᠤᠷᠤᠯᠴᠠᠬᠤ ᠳᠠᠯ᠎ᠠ ᠳᠤ ᠭᠦᠴᠦᠯᠴᠡᠭᠦ ᠦᠭᠡᠶ᠃ ᠰᠤᠷᠤᠭᠴᠢᠳ ᠵᠥᠪᠭᠡᠨ ᠪᠠᠭᠰᠢ ᠶᠢᠨ ᠠᠰᠠᠭᠤᠯᠳᠠ ᠪᠠ ᠪᠠᠭᠰᠢ ᠶᠢᠨ ᠥᠭᠡ ᠶᠠᠷᠢᠶᠠᠨ ᠤ ᠣᠷᠴᠢᠨ ᠳᠤ ᠡᠷᠭᠢᠴᠡᠵᠤ᠂ ᠬᠤᠭᠤᠷᠤᠠᠳᠤ ᠪᠠᠨ ᠶᠠᠷᠢᠯᠴᠠᠬᠤ ᠪᠣᠶᠤ ᠰᠠᠳᠭᠢᠨ ᠪᠣᠳᠤᠯᠭᠢᠯᠠᠬᠤ᠂ ᠣᠯᠠᠮ ᠴᠢᠨᠠᠭᠰᠢᠳᠠ ᠠᠰᠠᠭᠤᠳᠠᠯ ᠢ ᠡᠷᠢᠯᠭᠢᠯᠡᠨ ᠠᠰᠠᠭᠤᠳᠠᠯ ᠢ ᠰᠢ᠌ᠳᠪᠦᠷᠢᠯᠡᠭᠦ ᠳᠠᠯ᠎ᠠ ᠳᠤ ᠳᠤᠩ ᠳᠤᠳᠠᠮᠠᠭ ᠪᠠᠢ᠌ᠨ᠎ᠠ᠃ ᠡᠢ᠌ᠮᠤ ᠡᠴᠠ ᠬᠣᠢ᠌ᠰᠢᠳᠠ ᠶᠢᠨ ᠵᠢᠭᠠᠨ ᠰᠤᠷᠭᠠᠯᠳᠠ ᠶᠢᠨ ᠶᠠᠪᠣᠴᠠ ᠳᠤᠮᠳᠠ ᠰᠤᠷᠤᠭᠴᠢᠳ ᠤᠨ ᠳᠤᠮᠳᠠ ᠡᠴᠠ ᠠᠰᠠᠭᠤᠯᠳᠠ ᠳᠤᠷᠠᠳᠴᠤ᠂ ᠠᠰᠠᠭᠤᠳᠠᠯ ᠢ ᠰᠢ᠌ᠳᠪᠦᠷᠢᠯᠡᠭᠦ ᠭᠡᠯᠪᠠᠷᠢ ᠪᠠᠷ ᠶᠠᠪᠣᠭᠳᠠᠭᠤᠯᠵᠤ᠂ ᠥᠪᠠᠷᠳᠡᠭᠡᠨ ᠰᠤᠷᠤᠯᠴᠠᠬᠤ ᠶᠢ ᠵᠤᠷᠢᠵᠤ᠂ ᠪᠠᠶ᠎ᠠ ᠪᠠᠨ ᠳᠠᠭᠠᠭᠠᠵᠤ ᠮᠡᠳᠡᠯᠭᠡ ᠬᠤᠷᠠᠮᠳᠤᠭᠤᠯᠬᠤ ᠠᠷᠭ᠎ᠠ ᠶᠢ ᠡᠵᠡᠮᠰᠢᠭᠦᠯᠭᠦ ᠪᠠᠷ ᠴᠢᠷᠮᠠᠢ᠌ᠨ᠎ᠠ᠃

ᠶᠡᠷᠦᠩᠭᠡᠢ ᠳᠤ ᠨᠢ ᠠᠪᠴᠤ ᠭᠡᠯᠡᠪᠠᠯ 《ᠮᠢᠨᠤ ᠪᠠᠭᠰᠢ》 ᠭᠡᠭᠦ ᠭᠢᠴᠢᠶᠠᠯ ᠢ ᠵᠢᠭᠠᠬᠤ ᠶᠠᠪᠣᠴᠠ ᠳᠤᠮᠳᠠ ᠰᠤᠷᠤᠭᠴᠢᠳ ᠤᠨ ᠰᠤᠷᠤᠯᠴᠠᠬᠤ ᠠᠭᠤᠷ ᠠᠮᠢᠰᠬᠤᠯ ᠪᠠ ᠰᠡᠳᠭᠢᠯ ᠳᠠᠯᠪᠢᠵᠤ ᠪᠠᠢ᠌ᠬᠤ ᠪᠠᠢ᠌ᠳᠠᠯ ᠡᠴᠠ ᠰᠤᠷᠤᠭᠴᠢᠳ ᠡᠨᠡᠭᠦ ᠭᠢᠴᠢᠶᠠᠯ ᠢ ᠳᠤᠩ ᠰᠤᠷᠬᠤ ᠪᠠᠬ᠎ᠠ ᠲᠡᠶ ᠭᠡᠳᠡᠭ᠌ ᠢ ᠦᠵᠡᠵᠤ ᠭᠠᠷᠪᠠ᠃ ᠮᠦᠨ ᠴᠤ ᠰᠤᠷᠤᠭᠴᠢᠳ ᠤᠨ ᠶᠠᠷᠢᠵᠤ ᠢᠯᠡᠳᠭᠡᠭ᠍ᠰᠡᠨ ᠰᠠᠨᠠᠭ᠎ᠠ ᠪᠠ ᠣᠯᠤᠯᠳᠠ ᠳᠦᠷᠦᠭ᠍ᠳᠡᠯ ᠡᠴᠠ ᠳᠠᠳᠠᠨ ᠤ ᠪᠠᠭᠰᠢ ᠳᠤ ᠪᠠᠨ ᠭᠡᠴᠢᠨᠡᠨ ᠬᠠᠢ᠌ᠷᠠᠳᠠᠢ ᠪᠠᠢ᠌ᠭ᠎ᠠ ᠶᠢ ᠦᠵᠡᠵᠤ ᠭᠠᠷᠤᠯ᠎ᠠ᠃ ᠰᠤᠷᠤᠭᠴᠢᠳ ᠤᠨ ᠬᠠᠢ᠌ᠷ᠎ᠠ ᠰᠡᠳᠬᠢᠯᠭᠡ ᠭᠡᠳᠦᠢ ᠭᠦᠨ ᠵᠤᠵᠠᠭᠠᠨ ᠴᠤ ᠵᠠᠷᠢᠮ ᠰᠤᠷᠤᠭᠴᠢᠳ ᠥᠭᠡ ᠨᠠᠢ᠌ᠷᠠᠯᠭ᠎ᠠ᠂ ᠨᠠᠢ᠌ᠷᠠᠮᠵᠢ ᠶᠢᠨ ᠳᠠᠯ᠎ᠠ ᠳᠤ ᠦᠪᠡᠷ ᠤᠨ ᠪᠣᠳᠤᠵᠤ ᠰᠠᠨᠠᠭᠰᠠᠨ ᠶᠢᠡᠨ ᠳᠤᠭᠢᠷᠠᠮᠵᠢᠳᠠᠢ ᠭᠡᠯᠡ ᠭᠡᠯᠡᠯᠭᠡ ᠪᠠᠷ ᠢᠯᠡᠳᠭᠡᠵᠤ ᠴᠢᠳᠠᠬᠤ ᠦᠭᠡᠶ ᠪᠠᠢ᠌ᠭ᠎ᠠ ᠨᠢ ᠳᠠᠳᠠᠨ ᠤ ᠥᠭᠡᠰ ᠤᠨ ᠬᠤᠷᠠᠮᠳᠤᠭᠤᠯᠭ᠎ᠠ ᠬᠤᠮᠰᠠ ᠪᠠᠢ᠌ᠢᠭᠰᠠᠭᠠᠷ ᠭᠡᠳᠡᠭ᠌ ᠢ ᠦᠵᠡᠵᠤ ᠭᠠᠷᠴᠤ ᠪᠣᠯᠤᠨ᠎ᠠ᠃ ᠡᠢ᠌ᠮᠤ ᠡᠴᠠ ᠰᠤᠷᠤᠭᠴᠢᠳ ᠲᠤ ᠪᠠᠨ ᠢᠯᠡᠭᠦᠤ ᠨᠤᠮ ᠣᠩᠰᠢᠬᠤ ᠶᠢ ᠤᠬᠠᠭᠤᠯᠵᠤ᠂ ᠥᠭᠡᠰ ᠤᠨ ᠰᠠᠩ ᠶᠢᠡᠨ ᠪᠠᠶᠠᠯᠢᠭᠵᠢᠭᠤᠯᠵᠤ᠂ ᠭᠡᠯᠡ ᠭᠡᠯᠡᠯᠭᠡ ᠶᠢᠨ ᠢᠷᠠᠭᠤ ᠪᠠᠶᠠᠯᠢᠭ ᠭᠡᠷᠡᠭᠯᠡᠯᠳᠡ ᠶᠢ ᠴᠢᠩᠭ᠋ᠠᠳᠬᠠᠨ᠎ᠠ᠃


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠠᠪᠠᠭ᠎ᠠ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠥᠨᠢᠷᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 12539
ᠴᠠᠭ᠄ 2014 ᠤᠨ ᠤ 04 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ