☆ ᠴ·ᠮᠦᠩᠭᠦᠨᠡᠷᠳᠡᠨᠢ
ᠮᠤᠩᠭ᠋ᠤᠯ ᠬᠤᠭᠤᠷᠴᠢ
ᠮᠥᠩᠭᠡ ᠭᠠᠯ ᠤᠨ ᠰᠤᠷ ᠳᠡᠭᠡᠷ᠎ᠡ ᠦᠷᠪᠦᠯᠵᠠᠨ ᠨᠤᠴᠤᠭᠰᠠᠨ
ᠮᠤᠩᠭ᠋ᠤᠯ ᠬᠤᠭᠤᠷᠴᠢ
ᠮᠢᠠᠵᠢᠨ ᠬᠠᠩᠭ᠋ᠠᠢ ᠶᠢᠨ ᠰᠠᠯᠭᠢᠨ ᠳᠤᠮᠳᠠ ᠰᠢᠷᠤᠩᠬᠠᠢ᠌ᠯᠠᠨ ᠶᠠᠪᠣᠭᠰᠠᠨ
ᠡᠭᠡ ᠳᠠᠭᠤᠴᠢ
ᠳᠤᠷᠠᠨ ᠳᠤᠷᠠᠳᠤᠮᠠᠯ ᠴᠢᠭ᠍ᠴᠢ ᠰᠠᠨᠠᠭᠤᠯᠭ᠎ᠠ ᠪᠠᠷ
ᠣᠤᠠᠬ᠎ᠠ ᠳᠠᠢ᠌ᠯᠳᠠᠭ ᠶᠤᠩᠬᠤᠷ ᠤᠨ ᠨᠢᠰᠠᠯᠤᠭᠠ
ᠣᠷᠠᠨ ᠣᠷᠭᠤᠮᠠᠯ ᠴᠠᠴᠠᠨ ᠰᠢᠪᠠᠳᠠᠯᠭ᠎ᠠ ᠪᠠᠷ
ᠭᠢᠴᠢᠶᠠᠯ ᠣᠷᠤᠳᠠᠭ ᠭᠦᠪᠴᠢ ᠶᠢᠨ ᠳᠠᠳᠠᠭ᠎ᠠ
ᠭᠦᠭᠡ ᠳᠡᠭ᠍ᠷᠢ ᠳᠤᠯᠤᠭᠰᠠᠨ ᠢᠷᠠᠭᠤᠯᠢᠭ ᠠᠢ᠌ᠵᠠᠮ ᠡᠴᠡ ᠴᠢᠨᠢ
ᠭᠦᠭᠦᠭᠡ ᠭᠠᠯᠠᠭᠤᠳ ᠠᠶᠠᠰᠯᠠᠨ ᠭᠡᠯᠡ ᠣᠷᠤᠯ᠎ᠠ
ᠭᠦᠭᠡᠮᠳᠦᠭ᠌ ᠳᠠᠯ᠎ᠠ ᠳᠡᠯᠡᠭ᠍ᠰᠡᠨ ᠳᠠᠭᠤᠷᠢᠯᠢᠭ ᠣᠶᠠᠩᠭ᠋᠎ᠠ ᠡᠴᠡ ᠴᠢᠨᠢ
ᠭᠦᠮᠤᠨ ᠠᠷᠠᠤᠨ ᠰᠠᠴᠠᠷᠠᠨ ᠪᠢᠯᠢᠭ᠌ ᠰᠠᠭᠤᠯ᠎ᠠ
ᠠᠢ᠌ᠷᠠᠭ ᠰᠦᠨ ᠤ ᠮᠢᠨᠢ ᠬᠠᠩᠬᠤᠯᠤᠭᠠᠨ ᠳᠤᠳᠤᠷ᠎ᠠ ᠡᠴᠡ
ᠴᠠᠷᠪᠠᠨ ᠨᠢᠰᠦᠭ᠍ᠰᠡᠨ
ᠣᠬᠠᠭᠠᠯᠢᠭ ᠳᠠᠰ
ᠣᠳᠤᠷ ᠨᠡᠭᠦᠳᠡᠯ ᠤᠨ ᠮᠢᠨᠢ ᠴᠠᠢ᠌ᠯᠠᠯᠭ᠎ᠠ ᠳᠡᠭᠡᠷ᠎ᠡ ᠡᠴᠡ
ᠬᠠᠩᠭᠢᠨᠠᠵᠤ ᠳᠡᠯᠭᠡᠷᠡᠭ᠍ᠰᠡᠨ
ᠶᠡᠷᠦᠮᠳᠡᠭ᠌ ᠳᠤᠤᠯᠢ
ᠮᠤᠩᠭ᠋ᠤᠯ ᠬᠤᠭᠤᠷᠴᠢ︕
ᠴᠢᠪᠢᠯᠳᠠᠨ ᠬᠤᠯᠠᠭᠠᠢ ᠶᠢᠨ ᠡᠯᠢᠭᠡ ᠣᠷᠤᠭᠤ ᠭᠢᠳᠤᠭᠠᠯᠠᠭᠰᠠᠨ
ᠰᠡᠩᠭᠡᠷᠢᠡᠴᠢᠨ ᠭᠠᠳᠠ ᠮᠠᠢ᠌ᠷᠠᠨ ᠤ ᠭᠢᠯᠢᠩᠳᠤ ᠮᠠᠷᠱ
ᠳᠤᠷᠠᠯᠠᠯ ᠵᠢᠷᠭᠠᠯ ᠤᠨ ᠡᠷᠭᠡ ᠴᠢᠯᠦᠭᠡᠨ ᠳᠤ ᠠᠮᠢᠯᠠᠭᠰᠠᠨ
ᠳ᠋ᠠᠨᠠᠪᠠᠯ ᠤᠭ᠍ᠶᠤᠨ ᠠᠩᠭ᠋᠎ᠠ ᠶᠢᠨ ᠣᠶᠠᠷᠠᠭᠤᠨ ᠭᠢᠩᠰᠢᠯ
ᠰᠡᠷᠢᠭᠦᠨ ᠰᠦᠨᠢ ᠶᠢᠨ ᠳᠠᠠᠵᠢ ᠶᠢ ᠳᠤᠶᠠᠭᠠᠷᠠᠭᠠᠨ
ᠨᠠᠮᠬᠠᠨ ᠠᠨᠢᠷᠯᠠᠨᠠ ᠁
ᠰᠢᠭᠦᠰᠤ ᠳᠠᠪᠠᠭᠯᠠᠭᠰᠠᠨ ᠨᠠᠮᠤᠷ ᠢ ᠳᠤᠭᠳᠤᠯᠭᠠᠨ
ᠨᠠᠢ᠌ᠷᠰᠠᠭ ᠳᠤᠤᠯᠢᠶᠠᠷᠠᠨᠠ ᠁
ᠲᠦᠮᠡᠨ ᠠᠭᠳᠠ ᠳᠠᠪᠭᠢᠯᠳᠤᠭᠰᠠᠨ ᠳᠦᠪᠠᠷᠭᠡᠨ ᠤ ᠴᠢᠮᠡᠭᠡ
ᠳᠦᠷᠪᠡᠨ ᠣᠳᠠᠰᠤᠨ ᠤ ᠴᠢᠨᠢ ᠳᠤᠮᠳᠠᠭᠤᠷ ᠲᠦᠯᠬᠢᠯᠠᠵᠤ ᠢᠷᠠᠨ᠎ᠠ
ᠳᠠᠯᠠᠢ ᠮᠦᠷᠠᠨ ᠴᠠᠯᠭᠢᠯᠠᠭᠰᠠᠨ ᠳᠠᠪᠠᠯᠭᠠᠨ ᠤ ᠱᠤᠤᠭᠢᠶ᠎ᠠ
ᠳᠠᠪᠤᠨ ᠬᠤᠷᠤᠭᠤᠨ ᠤ ᠴᠢᠨᠢ ᠳᠤᠤᠭᠤᠷ ᠳᠠᠪᠠᠷᠠᠵᠤ ᠢᠷᠠᠨ᠎ᠠ
ᠮᠤᠩᠭ᠋ᠤᠯ ᠬᠤᠭᠤᠷᠴᠢ ᠡ᠂ ᠮᠤᠩᠭ᠋ᠤᠯ ᠬᠤᠭᠤᠷᠴᠢᠳ ᠡ
ᠦᠪ ᠰᠤᠶᠤᠯ ᠡᠴᠡ ᠮᠢᠨᠢ ᠦᠨᠳᠦᠰᠦᠯᠠᠵᠤ ᠣᠷᠭᠤᠭᠰᠠᠨ
ᠠᠪᠣᠷᠭᠤ ᠮᠤᠳᠤ᠂
ᠦᠨᠳᠦᠰᠦᠳᠠᠨ ᠶᠠᠰᠤᠳᠠᠨ ᠡᠴᠡ ᠮᠢᠨᠢ ᠴᠤᠭᠤᠷᠠᠵᠤ ᠪᠣᠷᠭᠢᠭᠰᠠᠨ
ᠣᠶᠠᠩᠭ᠋᠎ᠠ ᠶᠢᠨ ᠪᠣᠯᠠᠭ
ᠳᠡᠦᠭᠡ ᠳᠤᠪᠴᠢᠶᠠᠨ ᠳᠤ
ᠡᠭᠦᠷᠢᠳᠡ ᠬᠤᠭᠤᠷᠠᠬᠤ ᠦᠭᠡᠶ
ᠮᠤᠩᠭ᠋ᠤᠯ ᠬᠤᠭᠤᠷᠴᠢ︕
ᠵᠤᠬᠢᠶᠠᠭᠴᠢ᠄ ᠴ·ᠮᠦᠩᠭᠦᠨᠡᠷᠳᠡᠨᠢ
ᠢᠷᠡᠯᠲᠡ᠄ ᠴ·ᠮᠦᠩᠭᠦᠨᠡᠷᠳᠡᠨᠢ
ᠬᠠᠷᠢᠶ᠎ᠠ᠄
ᠰᠢᠯᠦᠭᠳᠠᠷᠤᠮ᠄ 3323
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ