☆ ᠨᠠ᠊·ᠰᠦᠬᠡᠪᠠᠭᠠᠲᠤᠷ
ᠮᠥᠭ᠍ᠳᠡᠨ ᠤ ᠡᠪᠦᠯ
ᠶᠡᠭᠡ ᠳᠠᠯᠠᠢ ᠪᠠᠨ ᠰᠠᠨᠠᠵᠤ
ᠣᠳᠤᠳ ᠨᠢ ᠳᠠᠩᠳᠠ ᠪᠠᠨ ᠵᠡᠭᠦᠡᠰᠢ ᠪᠠᠨ ᠠᠨᠢᠪᠴᠢᠨᠡ
ᠶᠢᠰᠤᠨ ᠰᠠᠷ᠎ᠠ ᠪᠠᠨ ᠮᠦᠷᠦᠭᠡᠳᠴᠤ
ᠮᠤᠳᠤᠳ ᠨᠢ ᠪᠠᠰᠠ ᠣᠷᠢᠳᠤ ᠵᠥᠭ᠌ ᠢ ᠪᠠᠷᠠᠯᠠᠨ᠎ᠠ
ᠢᠰᠡᠭᠡᠢ ᠭᠡᠷ ᠶᠢᠡᠨ ᠰᠠᠨᠠᠵᠤ
ᠨᠠᠳᠠ ᠰᠢᠭ ᠥᠡᠳᠦᠷᠯᠢᠭ᠌ ᠶᠢᠡᠨ ᠰᠠᠷᠠᠪᠴᠢᠯᠠᠬᠤ ᠨᠢ ᠥᠭᠡᠢ
ᠬᠤᠠᠳᠠᠭ᠎ᠠ ᠲᠡᠶ ᠰᠠᠷᠬᠤᠤᠨ ᠲᠤ ᠭᠦᠪᠭᠦ ᠰᠠᠷ᠎ᠠ ᠨᠢ ᠭᠦᠷᠳᠡᠯ᠎ᠡ ᠭᠦᠪ ᠭᠦᠢᠳᠡᠨ
ᠬᠠᠶᠠᠭ᠎ᠠ ᠪᠠᠨ ᠰᠢᠭᠤᠵᠤ ᠨᠠᠷᠠᠨ ᠡᠷᠭᠦᠭᠦ ᠦᠷᠯᠦᠭᠡ ᠨᠢ ᠭᠦᠷᠳᠡᠯ᠎ᠡ ᠵᠢᠪ ᠵᠢᠭᠡᠭᠦᠨ
ᠮᠥᠭ᠍ᠳᠡᠨ ᠤ ᠡᠪᠦᠯ
ᠴᠠᠰᠤ ᠨᠢ ᠬᠠᠩᠵᠠᠷᠠᠵᠤ ᠰᠢᠪᠠᠭᠤᠳ ᠨᠢ ᠢᠷᠡᠭᠡ ᠥᠭᠡᠢ
ᠬᠠᠪᠣᠷ ᠡᠴᠡ ᠢᠯᠡᠭᠦᠤ ᠣᠢ᠌ᠳᠠᠢ
ᠮᠥᠭ᠍ᠳᠡᠨ ᠤ ᠡᠪᠦᠯ
ᠨᠠᠪᠴᠢ ᠪᠠᠨ ᠭᠦᠪᠢᠵᠤ ᠨᠠᠷᠠ ᠪᠠᠨ ᠭᠦᠳᠦᠯᠵᠤ ᠣᠳᠤᠭᠰᠠᠨ
ᠨᠠᠮᠤᠷ ᠡᠴᠡ ᠢᠯᠡᠭᠦᠤ ᠣᠶᠠᠷᠠᠯᠳᠠᠢ
ᠮᠤᠩᠭ᠋ᠤᠯ ᠭᠡᠷ ᠤᠨ ᠭᠠᠳᠠᠨ᠎ᠠ ᠬᠤᠳᠠᠯᠠᠭᠰᠠᠨ ᠬᠤᠨᠢᠳ ᠢᠷᠠᠭᠯᠠᠨ᠎ᠠ
ᠡ᠊ᠨᠳᠡ ᠡᠴᠡ ᠪᠢ ᠰᠤᠨᠤᠰᠤᠭ᠎ᠠ ᠥᠭᠡᠢ
ᠮᠤᠷᠢᠨ ᠰᠠᠢ᠌ᠪᠣᠷ ᠵᠡᠷᠭᠡᠯᠭᠡ ᠨᠠᠷᠠ ᠲᠡᠶ ᠪᠠᠨ ᠳᠤᠭᠯᠠᠨ ᠰᠠᠷᠢᠨ᠎ᠠ
ᠡ᠊ᠨᠳᠡ ᠡᠴᠡ ᠪᠢ ᠬᠠᠷᠠᠭ᠎ᠠ ᠥᠭᠡᠢ
ᠰᠤᠭᠤᠨᠠᠭᠯᠠᠬᠤ ᠴᠡᠩᠭᠡᠷ ᠣᠳᠤᠭ᠎ᠠ ᠡᠴᠡ ᠨᠢ ᠰᠦ᠋ ᠲᠡᠶ ᠴᠠᠢ ᠠᠮᠳᠠᠯᠠᠭᠳᠠᠨ᠎ᠠ
ᠡ᠊ᠨᠳᠡ ᠡᠴᠡ ᠪᠢ ᠠᠮᠰᠠᠭ᠎ᠠ ᠥᠭᠡᠢ
ᠰᠤᠷ ᠤᠨ ᠪᠣᠭᠣᠢ᠌ᠯᠢ ᠡᠭᠦᠯᠡᠰ ᠡᠴᠡ ᠨᠢ ᠴᠠᠰᠤᠨ ᠤ ᠳᠤᠭᠤᠰᠤ ᠮᠡᠳᠡᠷᠡᠭ᠍ᠳᠡᠨ᠎ᠡ
ᠡ᠊ᠨᠳᠡ ᠡᠴᠡ ᠪᠢ ᠥᠨᠦᠷᠳᠦᠭᠡ ᠥᠭᠡᠢ
ᠨᠤᠳᠤᠭ ᠤᠨ ᠠᠭᠤᠯᠠᠰ ᠢ ᠢᠯᠪᠢᠭ᠍ᠰᠡᠨ ᠣᠩᠭ᠋ᠤᠨ ᠴᠠᠭᠠᠨ ᠰᠠᠯᠭᠢᠨ
ᠮᠥᠭ᠍ᠳᠡᠨ ᠤ ᠠᠭᠠᠷ ᠲᠤ ᠪᠠᠭᠤᠳᠠᠭ ᠴᠤ ᠪᠣᠯᠤᠭᠠᠰᠠᠢ
ᠰᠢᠯᠦᠭ᠌ ᠤᠨ ᠣᠩᠭ᠋ᠤᠳ ᠭᠦᠷᠳᠡᠶ᠎ᠡ
ᠨᠤᠳᠤᠭ ᠤᠨ ᠳᠡᠭ᠍ᠷᠢ ᠶᠢ ᠵᠤᠷᠢᠬᠤ ᠣᠷᠢᠨ ᠴᠠᠭ ᠤᠨ ᠰᠢᠪᠠᠭᠤᠳ
ᠮᠥᠭ᠍ᠳᠡᠨ ᠤ ᠳᠡᠭ᠍ᠷᠢ ᠶᠢ ᠳᠠᠭᠠᠷᠢᠬᠤ ᠴᠤ ᠪᠣᠯᠤᠭᠠᠰᠠᠢ
ᠨᠢᠯᠪᠣᠰᠤ ᠪᠠᠨ ᠳᠠᠢ᠌ᠵᠤ ᠶᠠᠪᠣᠭᠤᠯᠤᠶ᠎ᠠ
ᠫᠦ᠋ ᠡᡁᠧ ᠭᠤᠤᠯ ᠤᠨ ᠡᠷᠭᠢᠨ ᠳᠡᠭᠡᠷ᠎ᠡ ᠳᠡᠯᠭᠡᠷᠡᠭᠡ ᠥᠭᠡᠢ
ᠦᠴᠢᠨᠠᠨ ᠵᠤᠨ ᠤ ᠴᠡᠴᠡᠭ᠌ ᠢ
ᠫᠣᠤᠵᠢᠩ ᠤᠨ ᠳᠠᠭᠤᠨ ᠳᠤ ᠮᠠᠷᠳᠠᠵᠤ
ᠡᠪᠦᠯ ᠤᠨ ᠴᠠᠰᠤ ᠣᠨᠠᠨ᠎ᠠ
ᠭᠦᠤ ᠡᠴᠢᠭᠡ ᠬᠤᠶᠠᠷ ᠢ ᠬᠠᠭᠠᠴᠠᠭᠠᠭᠰᠠᠨ
ᠬᠤᠸᠠᠩ ᠭᠦ᠋ ᠳᠤᠢᠨ ᠤ ᠰᠠᠯᠭᠢ ᠵᠢ
ᠬᠤᠨᠤᠭ ᠤᠨ ᠳᠠᠳᠤᠢ ᠳᠤ ᠰᠠᠨᠠᠵᠤ
ᠬᠤᠷᠮᠤᠢ ᠡᠮᠵᠢᠨ ᠣᠨᠠᠨ᠎ᠠ
ᠮᠥᠭ᠍ᠳᠡᠨ ᠤ ᠡᠪᠦᠯ ᠵᠢᠠᠷ
ᠰᠡᠳᠭᠢᠯ ᠨᠢᠭᠡ ᠯᠠ ᠡᠵᠡᠭᠦᠢᠷᠡᠭᠡᠳ
ᠰᠡᠮᠡᠷᠡᠭᠡᠳ
ᠴᠠᠰᠤ ᠰᠢᠭ ᠣᠨᠠᠴᠢᠬᠠᠮᠠᠷ᠂
ᠮᠥᠭ᠍ᠳᠡᠨ ᠤ ᠡᠪᠦᠯ ᠵᠢᠠᠷ
ᠰᠡᠳᠭᠢᠯ ᠨᠢᠭᠡ ᠯᠠ ᠬᠤᠭᠤᠰᠤᠳᠠᠭᠠᠤᠨ
ᠰᠡᠩᠰᠡᠷᠡᠭᠡᠳ
ᠰᠠᠯᠭᠢ ᠰᠢᠭ ᠭᠡᠢ᠌ᠰᠴᠢᠭᠡᠮᠡᠷ
ᠮᠥᠭ᠍ᠳᠡᠨ ᠤ ᠡᠪᠦᠯ
ᠮᠦᠷᠠᠨ ᠭᠤᠤᠯ ᠤᠨ ᠣᠰᠤᠨ ᠮᠠᠳᠤ ᠣᠷᠤᠰᠴᠤ ᠪᠠᠷᠠᠳᠠᠭ ᠦᠭᠡᠶ ᠣᠷᠳᠤ
ᠮᠥᠭ᠍ᠳᠡᠨ ᠤ ᠡᠪᠦᠯ
ᠮᠦᠷᠤ ᠳᠠᠪᠠᠭᠰᠠᠨ ᠦᠰᠦᠨ ᠮᠠᠳᠤ ᠳᠤᠭᠠᠯᠠᠵᠤ ᠳᠠᠭᠤᠰᠳᠠᠭ ᠦᠭᠡᠶ ᠶᠡᠭᠡ ᠡ
ᠠᠶᠠᠠᠴᠢ ᠡᠭᠦᠯᠡᠰ ᠢ ᠭᠦᠯᠭᠡᠯᠡᠨ ᠬᠤᠧᠨ ᠬᠤᠰᠢᠭᠤ ᠪᠠᠨ ᠴᠢᠭᠯᠡᠮᠡᠷ
ᠠᠷᠤ ᠡᠴᠡ ᠰᠠᠷᠠᠪᠴᠢᠯᠠᠭᠰᠠᠭᠠᠷ ᠬᠤᠴᠤᠷᠤᠭᠰᠠᠨ ᠡᠵᠢ ᠶᠢ ᠪᠠᠨ ᠨᠢᠭᠡ ᠪᠠᠶᠠᠷᠯᠠᠭᠤᠯᠬᠤ ᠰᠠᠨ
ᠠᠠᠳᠠᠭᠠᠢ ᠲᠡᠶ ᠠᠷᠪᠢᠨ ᠰᠢᠯᠳᠠᠭᠠᠨ ᠨᠠᠳᠠ ᠡᠴᠡ ᠪᠣᠤ ᠣᠬᠤᠴᠢᠯᠠ ᠳᠠ ᠨᠠᠷ
ᠠᠬᠤᠢ ᠡᠴᠡ ᠪᠣᠰᠤᠳ ᠶᠠᠭᠤᠮ᠎ᠠ ᠪᠦᠭᠦᠨ ᠮᠢᠨᠢ ᠨᠤᠳᠤᠭ ᠲᠤ ᠪᠠᠨ ᠪᠠᠢ᠌ᠳᠠᠭ ᠤᠨ ᠬᠣᠢ᠌ᠨ᠎ᠠ ᠁
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠨᠠ᠊·ᠰᠦᠬᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ