☆ ᠰᠠ᠊·ᠵᠠᠮᠢᠶᠠᠨ
ᠡᠵᠡᠳ ᠰᠠᠭᠢᠭᠤᠰᠤ
ᠮᠠᠨ ᠤ ᠬᠤᠠᠳᠤ ᠨᠤᠳᠤᠭ ᠲᠤ ᠣᠷᠢᠳᠤ ᠳᠠᠭᠠᠨ ᠬᠤᠰᠢᠭᠤᠨ ᠳᠠᠭᠢᠯᠭ᠎ᠠ ᠲᠡᠶ ᠪᠠᠢ᠌ᠭᠰᠠᠨ ᠰᠢᠷ᠎ᠠ ᠦᠨᠳᠦᠷ ᠬᠠᠨ ᠠᠭᠤᠯᠠ ᠭᠡᠵᠤ ᠪᠣᠢ᠂ ᠥᠩᠭᠡᠷᠡᠭ᠍ᠰᠡᠨ ᠳᠡᠭᠡᠨ ᠡᠨᠡ ᠠᠭᠤᠯᠠᠨ ᠳᠤ ᠣᠢ ᠰᠢᠭᠤᠢ ᠢᠭᠴᠢ ᠰᠠᠬᠤᠯᠠᠭ᠂ ᠠᠮᠢᠳᠠᠨ ᠠᠷᠢᠶᠠᠳᠠᠨ ᠡᠯᠪᠠᠭ᠌ ᠳᠡᠯᠪᠠᠭ᠌ ᠪᠠᠢ᠌ᠭᠰᠠᠨ ᠶᠢᠡᠷ ᠬᠤᠯᠠ ᠤᠢ᠌ᠷ᠎ᠡ ᠳᠤ ᠠᠯᠳᠠᠷᠰᠢᠵᠤ᠂ ᠭᠠᠵᠠᠷ ᠭᠠᠵᠠᠷ ᠤᠨ ᠠᠩᠴᠢᠳ ᠡ᠊ᠨᠳᠡ ᠢᠷᠠᠵᠤ ᠠᠩ ᠠᠩᠨᠠᠵᠤ ᠠᠭᠤᠯᠠᠨ ᠤ ᠭᠡᠰᠢᠭ᠌ ᠢ ᠭᠦᠷᠳᠡᠳᠡᠭ᠌ ᠪᠠᠢ᠌ᠵᠠᠢ᠃ ᠭᠡᠪᠠᠴᠤ ᠢᠷᠡᠭᠦ ᠪᠣᠯᠭᠠᠨ ᠳᠤ ᠣᠯᠵᠠ ᠣᠮᠤᠭ ᠲᠡᠶ ᠪᠢᠰᠢ᠂ ᠠᠩᠨᠠᠬᠤ ᠪᠠᠷ ᠢᠷᠡᠭ᠍ᠰᠡᠳ ᠡᠷᠭᠡᠪᠰᠢ ᠠᠭᠤᠯᠠ ᠣᠰᠤᠨ ᠤ ᠡᠵᠡᠳ ᠰᠠᠭᠢᠭᠤᠰᠤᠨ ᠳᠤ ᠦᠨᠡᠨ ᠰᠡᠳᠭᠢᠯ ᠡᠴᠡ ᠪᠠᠨ ᠰᠥᠰᠦᠭᠯᠡᠨ ᠳᠠᠭᠠᠳᠬᠠᠵᠤ ᠢᠷᠡᠭ᠍ᠰᠡᠨ ᠰᠨᠠᠭ᠎ᠠ ᠪᠠᠨ ᠦᠨᠡᠨ ᠶᠢᠡᠷ ᠶᠢᠡᠨ ᠳᠤᠰᠢᠶᠠᠬᠤ᠂ ᠬᠤᠪᠳᠤᠭ ᠰᠢᠨᠤᠬᠠᠢ ᠰᠡᠳᠭᠢᠯ ᠡᠪᠦᠷᠯᠡᠭᠦ ᠦᠭᠡᠶ ᠪᠠᠢ᠌ᠪᠠᠯ ᠰᠠᠶᠢ ᠣᠯᠵᠠ ᠣᠮᠤᠭ ᠲᠡᠶ ᠪᠣᠴᠠᠳᠠᠭ ᠭᠡᠨ᠎ᠡ᠃
ᠡᠨᠡ ᠳᠤᠬᠠᠢ ᠮᠠᠨ ᠤ ᠨᠤᠳᠤᠭ ᠤᠨ ᠨᠠᠰᠤᠳᠠᠨ ᠳᠤᠮᠤᠭᠠᠳᠠᠤᠨ ᠤᠨ ᠭᠦᠦᠷᠨᠢᠯᠳᠤᠨ ᠶᠠᠷᠢᠵᠤ ᠪᠠᠢ᠌ᠭᠰᠠᠨ ᠳᠤᠮᠤᠭ ᠰᠢᠭ ᠰᠠᠢ᠌ᠬᠠᠨ ᠥᠯᠢᠭᠡᠷ ᠢ ᠡ᠊ᠨᠳᠡ ᠰᠡᠢ᠌ᠷᠡᠭᠦᠯᠪᠠᠯ᠄
ᠣᠷᠢᠳᠤ ᠳᠤ ᠡᠮᠤᠨ᠎ᠡ ᠭᠠᠵᠠᠷ ᠤᠨ ᠬᠤᠶᠠᠷ ᠶᠠᠪᠣᠭᠤᠯ ᠤᠨ ᠭᠦᠮᠤᠨ ᠡᠨᠡ ᠨᠤᠳᠤᠭ ᠲᠤ ᠡᠳ᠋ ᠡᠷᠳᠡᠨᠢᠰ ᠬᠠᠢ᠌ᠵᠤ ᠶᠠᠪᠣᠬᠤ ᠳᠠᠭᠠᠨ ᠰᠢᠷ᠎ᠠ ᠦᠨᠳᠦᠷ ᠬᠠᠨ ᠤ ᠳᠤᠬᠠᠢ ᠰᠤᠨᠤᠰᠤᠭᠠᠤᠨ ᠠᠩ ᠤᠨ ᠣᠯᠵᠠᠨ ᠳᠤ ᠭᠤᠷᠢᠯᠠᠵᠤ ᠭᠦᠷᠴᠤ ᠣᠴᠢᠭᠰᠠᠨ ᠪᠠᠢ᠌ᠵᠠᠢ᠂ ᠣᠷᠣᠢ᠌ᠳᠠᠵᠤ ᠭᠦᠷᠦᠭ᠍ᠰᠡᠨ ᠣᠴᠢᠷ ᠠᠭᠤᠯᠠᠨ ᠤ ᠡᠩᠭᠡᠷ ᠲᠤ ᠳᠤᠭᠢᠯᠠᠭ ᠭᠠᠵᠠᠷ ᠢ ᠰᠤᠩᠭ᠋ᠤᠨ ᠬᠤᠨᠤᠭ ᠪᠣᠯᠵᠠᠢ᠂ ᠰᠦᠨᠢ ᠨᠢ ᠵᠡᠭᠦᠳᠦᠯᠡᠭ᠍ᠰᠡᠨ ᠭᠡᠨ᠎ᠡ᠂ ᠵᠡᠭᠦᠳᠤᠨ ᠳ᠋ᠤᠨᠢ ᠬᠤᠶᠠᠷ ᠭᠦᠮᠤᠨ ᠮᠠᠢ᠌ᠬᠠᠨ ᠤ ᠭᠢᠨᠢ ᠬᠠᠵᠠᠭᠤ ᠪᠠᠷ ᠭᠠᠷᠬᠤ ᠳᠠᠭᠠᠨ ᠨᠢᠭᠡ ᠨᠢ᠄ ᠡᠨᠡ ᠬᠤᠶᠠᠷ ᠮᠠᠨ ᠤ ᠡ᠊ᠨᠳᠡ ᠠᠩᠨᠠᠬᠤ ᠰᠠᠨᠠᠭ᠎ᠠ ᠲᠡᠶ ᠢᠷᠡᠭ᠍ᠰᠡᠨ ᠶᠤᠮ ᠪᠠᠢ᠌ᠨ᠎ᠠ᠂ ᠳᠠᠢ᠌ᠮᠤ ᠬᠤᠯᠠ ᠡᠴᠡ ᠢᠷᠡᠴᠢᠭᠡᠭ᠍ᠰᠡᠨ ᠶᠤᠮ ᠴᠢᠨᠢ ᠭᠠᠷ ᠬᠤᠭᠤᠰᠤᠨ ᠪᠣᠴᠠᠭᠠᠭᠠᠤᠨ ᠴᠤ ᠶᠠᠭᠠᠭᠢᠨ᠎ᠠ ᠳ᠋ᠠ᠂ ᠮᠠᠷᠭᠠᠰᠢ ᠡᠨᠡ ᠬᠤᠶᠠᠷ ᠲᠤ ᠭᠦᠭᠡ ᠬᠠᠳᠠᠨ ᠤ ᠵᠡᠭᠦᠨ ᠰᠤᠭᠤ ᠶᠢᠨ ᠰᠤᠬᠤᠷ ᠪᠣᠷᠤ ᠶᠢ ᠥᠭ᠍ᠴᠢᠭᠡᠶ᠎ᠡ ᠭᠡᠰᠡᠨ ᠳᠤ ᠨᠥᠭᠦᠭᠡ ᠨᠢ ᠪᠣᠯᠤᠨ᠎ᠠ ᠭᠡᠳ ᠶᠠᠪᠣᠭᠰᠠᠨ ᠭᠡᠨ᠎ᠡ᠂ ᠦᠷᠯᠦᠭᠡ ᠨᠢ ᠪᠣᠰᠤᠭᠠᠤᠨ ᠨᠢᠭᠡ ᠨᠢ ᠵᠡᠭᠦᠳᠤ ᠪᠠᠨ ᠭᠡᠯᠡᠭ᠍ᠰᠡᠨ ᠳᠤ ᠨᠥᠭᠦᠭᠡ ᠨᠢ ᠴᠤ ᠮᠦᠨ ᠠᠳᠠᠯᠢᠬᠠᠨ ᠵᠡᠭᠦᠳᠦᠯᠡᠭ᠍ᠰᠡᠨ ᠪᠠᠢ᠌ᠵᠠᠢ᠂ ᠬᠤᠶᠠᠭᠤᠯᠠ ᠶᠡᠭᠡᠳᠡ ᠰᠤᠨᠢᠷᠬᠠᠵᠤ ᠠᠪᠠᠯᠠᠬᠤ ᠪᠠᠷ ᠭᠠᠷᠤᠭᠠᠤᠨ ᠡᠳᠦᠷ ᠳᠤᠵᠢ ᠦᠨᠦᠴᠢᠨ ᠪᠣᠯᠵᠤᠮᠤᠷ ᠴᠤ ᠳᠠᠭᠠᠷᠠᠭᠰᠠᠨ ᠦᠭᠡᠶ᠂ ᠭᠡᠨᠡᠳᠲᠡ ᠰᠦᠨᠢ ᠶᠢᠨ ᠵᠡᠭᠦᠳᠤ ᠪᠠᠨ ᠰᠠᠨᠠᠵᠤ ᠣᠯᠤᠭᠠᠤᠨ ᠭᠦᠭᠡ ᠬᠠᠳᠠᠨ ᠤ ᠵᠡᠭᠦᠨ ᠰᠤᠭᠤ ᠳᠤ ᠭᠦᠷᠭᠦ ᠳᠤ ᠥᠨᠡᠭᠡᠷ ᠨᠢᠭᠡ ᠪᠣᠭᠤ ᠬᠠᠷᠠᠭᠳᠠᠭᠰᠠᠨ ᠢ ᠫᠣᠤᠳᠠᠵᠤ ᠠᠯᠠᠭᠠᠤᠨ ᠥᠵᠡᠭ᠍ᠰᠡᠨ ᠳᠤ ᠨᠢᠭᠡ ᠨᠢᠳᠤ ᠨᠢ ᠰᠤᠬᠤᠷ ᠪᠣᠭᠤ ᠪᠠᠢ᠌ᠵᠠᠢ᠂ ᠳᠠᠳᠠ ᠬᠤᠶᠠᠷ ᠶᠡᠭᠡᠳᠡ ᠪᠢᠰᠢᠷᠡᠭ᠍ᠰᠡᠨ ᠪᠣᠯᠪᠠᠴᠤ ᠰᠡᠳᠭᠢᠯ ᠨᠢ ᠬᠠᠨᠤᠭᠰᠠᠨ ᠦᠭᠡᠶ᠂ ᠣᠯᠠᠨ ᠬᠤᠨᠤᠭ ᠵᠡᠭᠦᠳᠤ ᠮᠠᠨᠠᠵᠤ ᠠᠩ ᠤᠨ ᠣᠯᠵᠠ ᠶᠡᠭᠡᠪᠠᠷ ᠣᠯᠬᠤ ᠪᠠᠷ ᠭᠤᠷᠢᠯᠠᠵᠤ ᠳᠠᠭᠢᠠᠳᠠ ᠬᠤᠨᠤᠭᠯᠠᠭᠰᠠᠨ ᠭᠡᠨ᠎ᠡ᠂ ᠰᠦᠨᠢ ᠶᠢᠨ ᠵᠡᠭᠦᠳᠤᠨ ᠳ᠋ᠤᠨᠢ ᠣᠷᠢᠳᠤ ᠰᠦᠨᠢ ᠶᠢᠨ ᠬᠤᠶᠠᠷ ᠭᠦᠮᠤᠨ ᠮᠦᠨ ᠯᠠ ᠢᠷᠠᠵᠤ᠄ ᠡᠨᠡ ᠬᠤᠶᠠᠷ ᠬᠠᠨᠤᠵᠤ ᠴᠠᠳᠤᠭ᠎ᠠ ᠦᠭᠡᠶ ᠶᠤᠮ ᠪᠠᠢ᠌ᠨ᠎ᠠ᠂ ᠮᠠᠷᠭᠠᠰᠢ ᠳᠠᠷᠠ ᠴᠤᠬᠤᠷ ᠢ ᠨᠢ ᠥᠭ᠍ᠴᠢᠭᠡᠶ᠎ᠡ ᠭᠡᠵᠤ ᠭᠡᠯᠡᠭᠡᠳ ᠶᠡᠭᠡᠯ᠎ᠡ ᠢᠨᠢᠶᠠᠯᠴᠠᠨ ᠣᠳᠤᠭᠰᠠᠨ ᠭᠡᠨ᠎ᠡ᠂ ᠮᠠᠷᠭᠠᠰᠢ ᠨᠢ ᠡᠳᠦᠷ ᠳᠤᠵᠢ ᠳᠤᠭᠤᠷᠢᠭᠠᠤᠨ ᠨᠢᠭᠡᠴᠤ ᠠᠩ ᠣᠯᠤᠭᠰᠠᠨ ᠦᠭᠡᠶ ᠪᠣᠴᠠᠵᠤ ᠢᠷᠡᠭᠦ ᠳ᠋ᠤᠨᠢ ᠮᠠᠢ᠌ᠬᠠᠨ ᠤ ᠬᠠᠪᠢ ᠶᠢᠨ ᠠᠭᠤᠯᠠᠨ ᠬᠠᠵᠠᠭᠤ ᠳᠤ ᠨᠢᠭᠡ ᠶᠠᠭᠤᠮ᠎ᠠ ᠪᠦᠷᠳᠦᠯᠵᠡᠨ ᠬᠠᠷᠠᠭᠳᠠᠬᠤ ᠳᠤ ᠶᠡᠭᠡᠳᠡ ᠪᠠᠶᠠᠷᠯᠠᠵᠤ ᠬᠠᠷᠪᠣᠵᠤ ᠣᠨᠠᠭᠠᠭᠠᠤᠨ ᠢᠷᠠᠵᠤ ᠥᠵᠡᠭ᠍ᠰᠡᠨ ᠳᠤ ᠳᠠᠳᠠᠨ ᠤ ᠭᠦᠯᠦᠵᠤ ᠢᠷᠡᠭ᠍ᠰᠡᠨ ᠴᠤᠬᠤᠷ ᠯᠠᠭᠤᠰᠠ ᠨᠢ ᠪᠠᠢ᠌ᠭᠰᠠᠨ ᠭᠡᠨ᠎ᠡ᠃
ᠵᠤᠬᠢᠶᠠᠭᠴᠢ ᠶᠢᠨ ᠬᠠᠶᠢᠭ ᠄ ᠣᠪᠣᠷ ᠮᠤᠩᠭ᠋ᠤᠯ᠂ ᠠᠷᠤ ᠬᠤᠷᠴᠢᠨ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7477
ᠴᠠᠭ᠄ 2011 ᠤᠨ ᠤ 11 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ