☆ ᠷ·ᠨᠡᠷᠡᠨᠳᠡᠭᠦᠰ
ᠤᠷᠭᠠᠨ ᠤ ᠡᠰᠢ ᠮᠤᠷᠣᠢ᠌ᠵᠤ ᠴᠢᠯᠠᠭᠤᠵᠢᠨᠠ
ᠮᠤᠷᠣᠢ᠌ᠵᠤ ᠣᠷᠭᠤᠭᠰᠠᠨ ᠬᠠᠢ᠌ᠷ᠎ᠠ ᠳᠡᠭᠡᠭᠦᠷ ᠴᠢᠨᠢ
ᠪᠦᠳᠦᠷᠡᠳᠡᠯᠡ ᠪᠠᠨ ᠭᠦᠶᠦᠭᠦ ᠳᠤ
ᠪᠠᠭᠡ ᠰᠢᠭ᠌ ᠨᠠᠷᠠ ᠴᠢᠨᠢ
ᠮᠠᠷᠳᠠᠭᠳᠠᠬᠤ ᠦᠭᠡᠶ ᠪᠣᠯ
ᠪᠢ ᠨᠠᠷᠠ ᠪᠠᠨ ᠮᠠᠷᠳᠠᠨ᠎ᠠ
ᠬᠤᠰᠤᠨ ᠣᠷᠭ᠎ᠠ ᠮᠢᠨᠢ᠃
ᠮᠤᠷᠣᠢ᠌ᠵᠤ ᠴᠢᠯᠠᠭᠤᠵᠢᠭᠰᠠᠨ
ᠡᠷ᠎ᠡ ᠰᠤᠷᠤᠨ ᠬᠣᠢ᠌ᠪᠢ ᠡᠴᠠ
ᠮᠦᠯᠳᠤᠷᠠᠵᠤ ᠴᠢᠳᠠᠭ᠎ᠠ ᠦᠭᠡᠶ
ᠮᠤᠩᠭ᠋ᠤᠯ ᠮᠤᠷᠢᠳ ᠤᠨ ᠳᠦᠪᠠᠷᠭᠡᠨ
ᠮᠢᠩᠭ᠎ᠠ ᠮᠢᠩᠭ᠋ᠠᠨ ᠵᠢᠯ
ᠬᠤᠷᠳᠤ ᠪᠣᠯᠵᠤ ᠠᠰᠠᠯᠠ
ᠮᠢᠩᠭ᠎ᠠ ᠮᠢᠩᠭ᠋ᠠᠨ ᠵᠢᠯ
ᠬᠤᠷᠳᠤᠴᠠ ᠪᠠᠨ ᠠᠯᠳᠠᠵᠤ ᠴᠤᠴᠠᠯᠠ
ᠬᠤᠰᠤᠨ ᠣᠷᠭ᠎ᠠ ᠮᠢᠨᠢ
ᠡᠰᠢ ᠶᠢ ᠴᠢᠨᠢ
ᠲᠦᠰᠢᠵᠤ ᠮᠤᠷᠳᠠᠳᠠᠭ
ᠡᠮᠡᠭᠡᠯ ᠤᠨ ᠪᠦᠭᠦᠷᠭᠡ ᠪᠠᠨ
ᠳᠠᠪᠠᠵᠤ ᠴᠢᠳᠠᠯ ᠦᠭᠡᠶ
ᠡᠪᠦᠭᠡᠨ ᠪᠣᠯᠬᠤ ᠳᠤ
ᠭᠡᠷ ᠤᠨ ᠵᠡᠭᠦᠨ ᠬᠠᠶᠠᠭ᠎ᠠ ᠶᠢ
ᠲᠦᠰᠢᠵᠤ ᠪᠣᠰᠳᠠᠭ
ᠰᠡᠭᠦᠳᠡᠷ ᠴᠢᠨᠢ
ᠭᠡᠵᠢᠶᠡᠳᠡ ᠪᠠᠨ
ᠵᠡᠭᠦᠳᠤ ᠳᠠᠷᠤᠨ᠎ᠠ
ᠵᠢᠷᠦᠭᠡ ᠳᠠᠷᠤᠨ᠎ᠠ
ᠬᠤᠰᠤᠨ ᠣᠷᠭ᠎ᠠ ᠮᠢᠨᠢ᠃
91 . 2 . 8
ᠵᠤᠬᠢᠶᠠᠭᠴᠢ ᠶᠢᠨ ᠬᠠᠶᠢᠭ ᠄ ᠣᠷᠳᠤᠰ ᠤᠨ ᠬᠠᠩᠭᠢᠨ ᠬᠤᠰᠢᠭᠤᠨ ᠶᠡᠭᠡᠡᠦᠰᠤ ᠰᠤᠮᠤ
ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12220
ᠴᠠᠭ᠄ 2012 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ