ᠨᠡᠪᠲᠡᠷᠡᠨ ᠤᠷᠤᠬᠤ
ᠡᠵᠢ ᠳᠡᠭᠡᠨ ᠣᠴᠢᠬᠤ ᠰᠠᠢ᠌ᠬᠠᠨ

ᠭᠦᠡᠳᠡᠯᠡᠨ ᠬᠤᠯᠠ ᠶᠢᠨ ᠭᠠᠵᠠᠷ ᠡᠴᠡ

ᠭᠦᠷᠦᠭᠡᠳ ᠣᠴᠢᠨ᠎ᠠ ᠡᠵᠢ ᠳ᠋ᠡᠭᠡᠨ

ᠭᠦᠨᠦᠭ᠌ ᠲᠡᠶ ᠰᠦ᠋ ᠡᠴᠡ ᠨᠢ ᠠᠮᠰᠠᠵᠤ

ᠭᠦᠳᠡᠭᠡ ᠶᠢᠨ ᠵᠢᠷᠭᠠᠯ ᠳᠠᠭᠠᠨ ᠪᠣᠴᠠᠶ᠎ᠠ

ᠡᠵᠢ ᠳᠡᠭᠡᠨ ᠣᠴᠢᠬᠤ ᠰᠠᠢ᠌ᠬᠠᠨ

ᠡᠯᠢᠭᠡᠨ ᠳᠤ ᠨᠢ ᠨᠠᠭᠠᠯᠳᠤᠵᠤ ᠨᠢᠯᠬᠠᠷᠠᠬᠤ ᠰᠠᠢ᠌ᠬᠠᠨ

ᠠᠯᠤᠰ ᠬᠤᠯᠠ ᠶᠢᠨ ᠭᠠᠵᠠᠷ ᠡᠴᠡ

ᠡᠷᠭᠢᠭᠡᠳ ᠣᠴᠢᠨ᠎ᠠ ᠡᠵᠢ ᠳ᠋ᠡᠭᠡᠨ

ᠠᠭᠠᠭ ᠲᠡᠶ ᠴᠠᠢ ᠡᠴᠡ ᠨᠢ ᠣᠭᠤᠴᠢᠯᠠᠨ

ᠠᠷᠠᠤᠨ ᠤᠨ ᠪᠠᠶᠠᠰᠤᠯ ᠳᠠᠭᠠᠨ ᠪᠣᠴᠠᠶ᠎ᠠ

ᠡᠵᠢ ᠳᠡᠭᠡᠨ ᠣᠴᠢᠬᠤ ᠰᠠᠢ᠌ᠬᠠᠨ

ᠦᠷᠦᠴᠠᠨ ᠤ ᠵᠤᠭᠤᠭ ᠶᠢᠡᠨ ᠳᠡᠯᠭᠡᠭᠦ ᠰᠠᠢ᠌ᠬᠠᠨ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3878
ᠴᠠᠭ᠄ 2009 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ