☆ ᠰ·ᠠᠭᠤᠯᠠ
ᠡᠩᠭᠡᠷ ᠤᠨ ᠬᠤᠶᠠᠷ ᠳᠤᠪᠴᠢ
ᠡᠭᠦᠯᠡᠨ ᠳᠤ ᠱᠠᠳᠤᠯᠠᠬᠤ ᠳᠡᠭ᠍ᠵᠢᠩᠭᠡᠨ ᠭᠦᠰᠡᠯ
ᠡᠩᠭᠡᠵᠢᠨ ᠳᠦᠯᠵᠢᠭᠦ ᠣᠬᠠᠭ᠎ᠠ ᠮᠢᠨᠢ ᠪᠠᠢ᠌ᠵᠠᠢ
ᠡᠷᠢᠭ᠍ᠳᠡᠨ ᠪᠣᠳᠤᠭᠳᠠᠬᠤ ᠠᠯᠢᠶᠠᠬᠠᠨ ᠨᠠᠰᠤ
ᠡᠭᠡᠨᠡᠭ᠍ᠳᠡ ᠳᠠᠢ᠌ᠪᠣᠰᠢᠷᠠᠬᠤ ᠵᠠᠢ ᠮᠢᠨᠢ ᠪᠠᠢ᠌ᠵᠠᠢ
ᠡᠨᠡ ᠪᠦᠭᠦᠨ ᠢ ᠵᠤᠯᠳᠠᠢ᠌ᠬᠠᠨ ᠬᠤᠪᠢᠳᠠᠬᠤ ᠳᠤ
ᠡᠨᠡᠷᠢᠯ ᠬᠠᠢ᠌ᠷ᠎ᠠ ᠪᠠᠷ ᠶᠢᠡᠨ ᠣᠭᠵᠢᠵᠤ ᠥᠰᠭᠡᠭ᠍ᠰᠡᠨ
ᠡᠵᠢ ᠠᠪᠣ ᠬᠤᠶᠠᠷ ᠮᠢᠨᠢ
ᠠᠯᠢ ᠨᠢ ᠴᠤ ᠳᠤᠳᠠᠵᠤ ᠪᠣᠯᠳᠠᠭ ᠦᠭᠡᠶ
ᠡᠩᠭᠡᠷ ᠤᠨ ᠬᠤᠶᠠᠷ ᠳᠤᠪᠴᠢ ᠪᠢᠯᠠ᠃
ᠡᠯᠢᠭᠡ ᠪᠠᠨ ᠣᠷᠠᠮᠠ ᠬᠠᠯᠠᠭᠤᠴᠠᠵᠤ ᠳᠠᠪᠴᠢᠭᠤᠷᠠᠬᠤ ᠳᠤ
ᠡᠪᠯᠢᠭ᠌ ᠮᠤᠩᠭ᠋ᠤᠯ ᠳᠡᠷᠯᠢᠭ᠌ ᠤᠨ ᠮᠢᠨᠢ
ᠡᠩᠭᠡᠷ ᠢ ᠨᠢ ᠵᠠᠳᠠᠭᠠᠢ᠌ᠯᠠᠵᠤ ᠰᠡᠷᠢᠭᠦᠴᠡᠭᠦᠯᠳᠡᠭ᠌
ᠡᠷᠳᠡ ᠶᠢᠨ ᠵᠢᠭᠡᠭᠦᠨ ᠳᠤ ᠵᠢᠩᠭᠢᠨᠡᠭᠦ ᠡᠴᠡ ᠭᠢᠴᠢᠶᠠᠨ
ᠡᠪᠴᠢᠭᠦᠨ ᠪᠠᠶ᠎ᠠ ᠶᠢ ᠮᠢᠨᠢ ᠪᠠᠭᠢᠯᠠᠵᠤ ᠶᠠᠪᠣᠳᠠᠭ
ᠡᠩᠭᠡᠷ ᠤᠨ ᠬᠤᠶᠠᠷ ᠳᠤᠪᠴᠢ ᠯᠠ
ᠡᠪᠦᠯ ᠵᠤᠨ ᠬᠠᠪᠣᠷ ᠨᠠᠮᠤᠷ ᠭᠡᠵᠤ
ᠡᠷᠭᠢᠭᠦ ᠪᠦᠮᠪᠦᠷᠴᠡᠭ᠌ ᠲᠤ ᠣᠯᠠᠷᠢᠯ ᠡᠭᠡᠯᠵᠢᠯᠡᠳᠡᠭ᠌ ᠦᠭᠡᠶ
ᠡᠷᠪᠠᠢ ᠪᠠᠶ᠎ᠠ ᠶᠢ ᠰᠠᠭᠢᠵᠤ ᠰᠠᠭᠤᠳᠠᠭ
ᠡᠵᠢ ᠠᠪᠣ ᠶᠢᠨ ᠮᠢᠨᠢ ᠥᠮᠦᠭ᠍ᠭᠡᠨ ᠬᠠᠢ᠌ᠷ᠎ᠠ ᠶᠢ
ᠡᠷ᠎ᠡ ᠨᠠᠰᠤᠨ ᠳᠤ ᠮᠢᠨᠢ ᠬᠠᠳᠠᠵᠤ ᠪᠠᠢ᠌ᠨ᠎ᠠ ᠡ ︕
ᠡᠩᠭᠡᠷ ᠤᠨ ᠬᠤᠶᠠᠷ ᠳᠤᠪᠴᠢ ᠣᠨᠠᠬᠤ ᠡᠴᠡ ᠢᠯᠡᠭᠦᠤ
ᠡᠨᠡ ᠳᠡᠯᠡᠭᠡᠢ ᠳᠤ ᠵᠤᠪᠠᠯᠠᠩ ᠭᠡᠵᠤ ᠠᠯᠠᠭ᠎ᠠ ᠪᠢᠯᠠ ︕
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ