☆ ᠪᠣ·ᠦᠯᠵᠡᠢ᠌ᠳᠤ
ᠰᠠᠷ᠎ᠠ ᠪᠦᠷᠢ ᠶᠢᠨ ᠠᠷᠪᠠᠨ ᠳ᠋ᠤ
ᠰᠠᠷ᠎ᠠ ᠪᠦᠷᠢ ᠶᠢᠨ ᠠᠷᠪᠠᠨ ᠳᠤ ᠴᠠᠯᠢᠩ ᠶᠢᠡᠨ ᠪᠢᠳᠠ ᠠᠪᠣᠨ᠎ᠠ
ᠰᠠᠨᠠᠭ᠎ᠠ ᠰᠡᠳᠭᠢᠯ ᠭᠦᠪᠭᠢᠵᠤ ᠳᠤᠭᠤᠢ ᠳᠠᠭᠠᠨ ᠪᠠᠶᠠᠷᠳᠠᠢ ᠮᠤᠷᠳᠠᠨ᠎ᠠ
ᠠᠯᠪᠠᠨ ᠪᠠᠢ᠌ᠭᠤᠯᠭ᠎ᠠ ᠶᠢᠨ ᠬᠠᠶᠢᠭ ᠨᠢᠭᠡᠳᠡᠢ
ᠠᠬ᠎ᠠ ᠳᠡᠭᠦᠤ ᠬᠠᠷᠢᠴᠠᠭ᠎ᠠ ᠭᠡᠳ ᠬᠠᠶᠠᠯᠠᠳᠠᠭ ᠭᠡᠳᠦᠭᠦᠯᠡ ᠨᠢ
ᠠᠳᠬᠤᠭᠰᠠᠨ ᠴᠠᠯᠢᠩ ᠤᠨ ᠶᠢᠡᠨ ᠰᠠᠯᠠᠩ ᠢ ᠨᠢᠲᠡᠷᠡᠭᠡᠳ
ᠠᠴᠤᠭ ᠨᠢ ᠣᠨᠠᠭᠰᠠᠨ ᠮᠤᠩᠭ᠋ᠤᠯ ᠭᠤᠸᠠᠩᠵᠠ ᠶᠢ ᠲᠡᠳᠬᠦᠨ᠎ᠡ
[ᠲ᠋ᠤᠰ ᠰᠠᠷ᠎ᠠ ᠶᠢᠨ ᠰᠠᠭᠤᠯᠭᠠᠭᠰᠠᠨ ᠶᠠᠭᠤᠮ᠎ᠠ ᠳᠠᠩᠴᠤ
ᠳᠤᠰᠤ᠂ ᠮᠢᠬ᠎ᠠ᠂ ᠵᠢᠭᠠᠰᠤ᠂ ᠠᠯᠢᠮ᠎ᠠ ᠁ ]
ᠳᠤᠭᠤᠵᠤ ᠶᠠᠳᠠᠭᠰᠠᠨ ᠭᠡᠯᠡᠭᠡᠢ ᠥᠭᠡ ᠨᠤᠭᠦᠳ ᠴᠢᠯᠦᠭᠡ ᠪᠠᠷ ᠨᠢ
ᠳᠠᠮᠤᠷ ᠣᠨᠢᠰᠤ ᠲᠡᠶ ᠨᠢᠷᠪᠠ ᠶᠢᠨ ᠭᠡᠷ ᠢ ᠳᠦᠩᠭᠢᠨᠡᠭᠦᠯᠡᠨᠡ
ᠰᠠᠷ᠎ᠠ ᠰᠠᠷ᠎ᠠ ᠳᠠᠭᠠᠨ ᠣᠰᠤᠯᠳᠤᠯ ᠥᠭᠡᠢ
ᠰᠠᠪᠠ ᠶᠢ ᠮᠢᠨᠢ ᠳᠦᠭᠦᠷᠡᠭᠡᠭᠡᠳ ᠴᠠᠯᠢᠩ ᠮᠢᠨᠢ ᠢᠷᠠᠨ᠎ᠡ
ᠦᠪᠡᠷ ᠤᠨ ᠭᠦᠳᠡᠯᠮᠦᠷᠢ ᠶᠢᠨ ᠦᠷ᠎ᠡ ᠰᠢᠤ ᠳ᠋ᠡ
ᠦᠨᠡᠠᠴᠢ ᠴᠠᠷᠮᠠᠢ᠌ᠯᠭᠠ ᠶᠢᠨ ᠳ᠋ᠦ᠋ᠩ ᠰᠢᠤ ᠳ᠋ᠡ
ᠰᠠᠷ᠎ᠠ ᠪᠦᠷᠢ ᠶᠢᠨ ᠠᠷᠪᠠᠨ ᠳᠤ ᠴᠠᠯᠢᠩ ᠶᠢᠡᠨ ᠪᠢᠳᠠ ᠠᠪᠣᠨ᠎ᠠ
ᠰᠠᠨᠠᠭ᠎ᠠ ᠰᠡᠳᠭᠢᠯ ᠭᠦᠪᠭᠢᠵᠤ ᠳᠤᠭᠤᠢ ᠳᠠᠭᠠᠨ ᠪᠠᠶᠠᠷᠳᠠᠢ ᠮᠤᠷᠳᠠᠨ᠎ᠠ
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠦᠨᠳᠦᠰᠦᠳᠠᠨ ᠤ ᠵᠦᠪᠯᠠᠯ
ᠵᠤᠬᠢᠶᠠᠭᠴᠢ᠄ ᠪᠣ·ᠦᠯᠵᠡᠢ᠌ᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2011 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ