☆ ᠰ·ᠮᠥᠩᠭᠡᠨᠡᠷᠡᠰᠤ
ᠪᠠᠭᠪᠠᠭᠠᠢ ᠴᠡᠴᠡᠭ᠌ ᠤᠨ ᠭᠡᠷᠢᠶᠡᠰ
ᠣᠢ᠌ᠯᠠᠭᠠᠬᠤ ᠦᠭᠡᠶ ᠭᠡᠵᠤ ᠴᠢ ᠳᠤᠮᠪᠣᠢ᠌ᠭᠰᠠᠨ ᠪᠣᠯᠬᠤᠷ
ᠰᠢᠪᠠᠭᠤ ᠰᠢᠭ ᠪᠢ ᠨᠢᠰᠴᠢᠭᠡᠭ᠍ᠰᠡᠨ ᠶᠤᠮ ᠡ
ᠣᠢ᠌ᠰᠢᠶᠠᠬᠤ ᠦᠭᠡᠶ ᠭᠡᠵᠤ ᠴᠢ ᠠᠮᠠᠯᠳᠠᠭᠰᠠᠨ ᠪᠣᠯᠬᠤᠷ
ᠴᠠᠰᠤ ᠰᠢᠭ ᠪᠢ ᠪᠣᠳᠠᠷᠠᠴᠢᠬᠠᠭᠰᠠᠨ ᠶᠤᠮ ᠡ
ᠤᠢ᠌ᠳᠬᠠᠷ ᠳᠠᠯᠠᠯᠤᠨ ᠠᠭᠤᠯᠠᠰ ᠤᠨ ᠣᠷᠭᠢᠯ ᠪᠦᠷᠳᠥᠢᠴᠢᠭᠡᠭ᠍ᠰᠡᠨ ᠶᠤᠮ ᠡ
ᠡᠭᠦᠯᠡᠨ ᠰᠤᠷᠮᠤᠤᠰᠤ ᠪᠣᠯᠤᠷ ᠮᠥᠭᠦᠯᠢᠭ᠌ ᠳᠡᠭᠦᠵᠢᠩᠨᠡᠭᠦᠯᠵᠤ
ᠡᠷᠭᠡ ᠬᠤᠩᠭ᠋ᠤᠷ ᠰᠠᠯᠭᠢ ᠨᠠᠷᠠ ᠪᠠᠷ ᠴᠢᠨᠢ ᠢᠰᠭᠢᠷᠦᠭ᠍ᠰᠡᠨ ᠶᠤᠮ ᠡ
ᠣᠷᠴᠢᠯᠠᠩ ᠳᠤ ᠴᠢᠮ᠎ᠠ ᠦᠭᠡᠶ ᠪᠠᠷ ᠪᠢ ᠭᠡᠵᠢᠶᠡᠳᠡ ᠳᠠᠢ᠌ᠪᠣᠩ ᠪᠠᠢ᠌ᠵᠤ ᠴᠢᠳᠠᠬᠤ ᠥᠭᠡᠢ
ᠣᠶᠠᠭ᠎ᠠ ᠠᠯᠳᠠᠭᠤᠷᠠᠭᠰᠠᠨ ᠰᠡᠳᠭᠢᠯ ᠴᠢᠮ᠎ᠠ ᠣᠷᠤᠭᠤ ᠯᠠ ᠳᠠᠮᠠᠤᠯᠤᠨᠡ
ᠠᠮᠢᠰᠬᠤᠭ᠎ᠠ ᠰᠢᠩᠭᠡᠭ᠍ᠰᠡᠨ ᠠᠭᠠᠷ ᠢ ᠴᠢᠨᠢ ᠥᠨᠦᠷᠯᠡᠭᠦ ᠭᠡᠵᠤ
ᠣᠷᠤᠢ ᠳᠤᠯᠤᠭᠠᠤᠨ ᠢ ᠳᠠᠮᠵᠢᠭᠰᠠᠨ ᠶᠤᠮ
ᠡᠯᠡᠰᠤᠨ ᠤ ᠰᠢᠷᠭᠡᠭ᠌ ᠳᠤᠭᠠᠯᠠᠨ ᠵᠢᠷᠦᠭᠡ ᠨᠢᠭᠡ ᠶᠢ ᠵᠢᠷᠤᠭᠰᠠᠨ ᠶᠤᠮ
ᠰᠠᠯᠭᠢᠨ ᠤ ᠠᠷ ᠳᠠᠭᠠᠭᠤᠯᠤᠨ ᠵᠢᠭᠦᠷ ᠨᠠᠮᠠᠵᠤ ᠣᠷᠭᠤᠭᠤᠯᠤᠭᠰᠠᠨ ᠶᠤᠮ
ᠬᠤᠷᠤᠭᠤᠨ ᠤ ᠴᠢᠨᠢ ᠥᠡᠳᠡᠭᠡ ᠭᠦᠷᠦᠯᠴᠡᠭ᠍ᠰᠡᠨ
ᠳᠤᠷᠭᠠᠨ ᠡᠯᠡᠰᠤᠨ ᠤ ᠰᠢᠷᠭᠡᠭ᠌ ᠢ ᠥᠨᠦᠰᠭᠦ ᠭᠡᠵᠤ
ᠨᠠᠪᠴᠢᠨ ᠳᠡᠯᠪᠠᠭᠡ ᠣᠭᠢᠯᠠᠳᠠᠯᠠ
ᠨᠠᠷᠠ ᠪᠠᠷ ᠴᠢᠨᠢ ᠪᠠᠢ᠌ᠨ ᠪᠠᠢ᠌ᠨ ᠰᠢᠪᠠᠨᠡᠭ᠍ᠰᠡᠨ ᠶᠤᠮ
ᠭᠦᠪᠦᠩ ᠴᠠᠭᠠᠨ ᠮᠦᠷᠦᠭᠡᠳᠦᠯ ᠨᠤᠭᠤ ᠮᠠᠯᠠᠯᠵᠠᠳᠠᠯᠠ ᠪᠦᠷᠭᠦᠭ᠍ᠰᠡᠨ ᠶᠤᠮ
ᠭᠦᠭᠡᠷᠦᠭᠦᠢ ᠳᠠᠩᠭᠢᠯᠬᠠᠨ ᠪᠠᠶ᠎ᠠ ᠮᠢᠨᠢ ᠡᠩ ᠦᠭᠡᠶ ᠮᠦᠷᠦᠭᠡᠳᠦᠯ ᠳᠡᠭᠡᠨ ᠠᠭᠤᠰᠤᠭᠰᠠᠨ ᠶᠤᠮ
2012-6-11
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 9868
ᠴᠠᠭ᠄ 2012 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ