☆ ᠪᠠ᠊·ᠵᠠᠰᠠᠨ᠎ᠠ
ᠪᠣᠵᠢᠨ ᠪᠣᠷᠤᠳᠤ
ᠵᠤᠨ ᠤ ᠵᠢᠷᠭᠤᠭᠠᠨ ᠰᠠᠷ᠎ᠠ ᠭᠦᠳᠡᠭᠡ ᠶᠢᠨ ᠬᠠᠮᠤᠭ ᠥᠵᠡᠰᠭᠦᠯᠡᠩ ᠪᠦᠷᠢᠳᠦᠭ᠍ᠰᠡᠨ ᠴᠠᠭ᠃ ᠨᠤᠭᠤᠭᠠᠨ ᠪᠣᠭᠤᠷᠤᠯ ᠵᠡᠷᠭᠡᠯᠭᠡᠨ ᠤ ᠳᠤᠮᠳᠠ ᠠᠯᠢᠪᠠ ᠪᠦᠭᠦᠨ ᠵᠢᠷᠢᠯᠵᠠᠵᠤ᠂ ᠮᠤᠩᠭ᠋ᠤᠯ ᠭᠡᠷ ᠤᠳ ᠨᠠᠭᠤᠷ ᠲᠤ ᠭᠦᠪᠦᠭ᠍ᠰᠡᠨ ᠬᠤᠨ ᠰᠢᠭ᠂ ᠮᠠᠯ ᠰᠦᠷᠦᠭ᠌ ᠨᠤᠮᠢᠨ ᠳᠠᠯᠠᠢ ᠶᠢᠨ ᠴᠡᠭᠡᠯ ᠳ᠋ᠠᠭᠢ ᠵᠢᠭᠠᠰᠤᠨ ᠮᠠᠳᠤ ᠰᠤᠨᠢᠬᠠᠨ ᠰᠠᠢ᠌ᠬᠠᠨ᠃
ᠰᠤᠷᠭᠠᠭᠤᠯᠢ ᠰᠤᠶᠤᠯ ᠤᠨ ᠮᠦᠷ ᠭᠦᠭᠡᠭᠡᠵᠤ ᠡᠨᠡ ᠰᠠᠢ᠌ᠬᠠᠨ ᠨᠤᠳᠤᠭ ᠡᠴᠠ ᠪᠠᠨ ᠰᠠᠯᠵᠤ ᠶᠡᠭᠡ ᠬᠤᠳᠠ ᠦᠨᠳᠦᠷ ᠠᠰᠠᠷ ᠣᠳᠤᠭᠠᠳᠤ ᠳᠡᠭ᠍ᠷᠢ ᠳᠤ ᠬᠠᠪᠴᠢᠭᠳᠠᠨ ᠪᠠᠳᠠᠭᠢᠷᠠᠵᠤ ᠣᠳᠤᠭᠰᠠᠨ ᠰᠡᠳᠭᠢᠯ ᠮᠢᠨᠢ ᠳᠠᠯ᠎ᠠ ᠶᠢᠨ ᠳᠡᠨᠢᠭᠡᠷ ᠮᠤᠷᠢᠨ ᠤ ᠵᠢᠷᠤᠭ᠎ᠠ ᠳᠤ ᠠᠭᠤᠵᠢᠷᠠᠨ ᠳᠠᠯᠪᠢᠭᠳᠠᠨᠠ᠃ ᠦᠴᠦᠭᠡᠳᠦᠷ ᠰᠦᠨᠢ ᠰᠤᠮᠤᠨ ᠤ ᠲᠦᠪ ᠲᠤ ᠢᠷᠡᠭᠡᠳ ᠦᠷᠯᠦᠭᠡ ᠰᠤᠮᠤᠨ ᠤ ᠶᠡᠭᠡ ᠨᠢᠷᠪᠠ ᠵᠤᠳᠤᠪ ᠤᠨ ᠠᠯᠪᠠᠨ ᠭᠡᠷ ᠲᠤ ᠣᠷᠤᠭᠠᠤᠨ 《ᠲᠦᠮᠡᠨ ᠳᠦᠭᠦᠷᠢᠭᠲᠤ》 ᠪᠠᠶᠡᠨ ᠡᠷᠦᠭᠡ ᠰᠤᠷᠪᠣᠯᠵᠢᠯᠠᠬᠤ ᠳᠤᠰᠬᠠᠢ ᠡᠭᠦᠷᠭᠡ ᠲᠡᠶ ᠶᠠᠪᠣᠵᠤ ᠪᠠᠢ᠌ᠬᠤ ᠪᠠᠨ ᠭᠡᠯᠡᠭᠦ ᠳᠤ ᠵᠤᠳᠤᠪ ᠭᠠᠭ᠎ᠠ ᠮᠠᠨᠢ ᠶᠡᠭᠡ ᠪᠠᠶᠠᠷᠯᠠᠵᠤ ᠰᠤᠮᠤᠨ ᠡᠴᠠ ᠮᠢᠨᠢ ᠰᠤᠷᠪᠣᠯᠵᠢᠯᠠᠭᠴᠢ ᠭᠠᠷᠤᠯ᠎ᠠ ᠭᠡᠵᠤ ᠮᠠᠭᠠᠷᠠᠭᠠᠤᠨ (ᠪᠠᠶᠠᠷᠯᠠᠭᠠᠤᠨ) ᠵᠢᠷᠤᠭ᠎ᠠ ᠬᠠᠷ᠎ᠠ ᠮᠤᠷᠢ ᠪᠠᠨ ᠥᠭ᠍ᠴᠤ᠄ 《ᠨᠢᠮᠨᠢᠷ ᠡᠪᠦᠭᠡᠨ ᠢ ᠰᠤᠷᠪᠣᠯᠵᠢᠯᠠ ︕ ᠭᠡᠭᠦ ᠳᠡᠭᠡᠨ᠁ ᠭᠦᠪᠠᠭᠦᠨ ᠮᠢᠨᠢ᠂ ᠦᠨᠡᠨ ᠮᠦᠨ ᠶᠢᠡᠷ ᠨᠢ ᠪᠢᠴᠢ ︕ ᠨᠢᠮᠨᠢᠷ ᠤᠨ ᠭᠢᠨ ᠰᠢᠷᠢᠭ᠌ ᠲᠤ ᠵᠤᠰᠠᠵᠤ ᠪᠠᠢ᠌ᠨ᠎ᠠ᠃ ᠳᠠᠨ ᠤ ᠭᠢᠨ ᠰᠢᠷᠢᠭ᠌ ᠤᠨ ᠠᠳᠠᠭ ᠲᠤ ᠪᠠᠢ᠌ᠨ᠎ᠠ》 ᠭᠡᠵᠤ ᠳᠤᠳᠤᠷᠬᠠᠢ ᠵᠢᠭᠠᠵᠤ ᠦᠭᠭᠦᠯ᠎ᠡ᠃
《ᠦᠪᠡᠷ᠎ᠠ ᠨᠤᠳᠤᠭ ᠭᠡᠳᠡᠭ᠌ ᠶᠠᠮᠠᠷ ᠰᠠᠢ᠌ᠬᠠᠨ ᠡ᠃ ᠪᠠᠶᠠᠵᠢᠭᠰᠠᠨ ᠨᠢᠭᠡ ᠶᠢ ᠪᠠᠨ ᠰᠤᠷᠪᠣᠯᠵᠢᠯᠠᠭᠤᠯᠬᠤ ᠪᠠᠷ ᠪᠠᠰᠠ ᠨᠢᠭᠡ ᠨᠢ ᠮᠤᠷᠢ ᠪᠠᠨ ᠦᠭᠭᠦᠨ᠎ᠡ ᠭᠡᠳᠡᠭ᠌ ᠴᠢᠨᠢ ᠪᠠᠶᠠᠷᠯᠠᠭᠰᠠᠨ ᠳᠠᠭᠠᠨ ᠪᠢᠰᠢ ᠦᠦ ︕ ᠵᠠ᠂ ᠨᠢᠮᠨᠢᠷ ᠡᠪᠦᠭᠡᠨ ᠶᠢᠡᠷ ᠰᠠᠳᠤᠪᠯᠠᠵᠤ ᠨᠢᠭᠡ ᠮᠡᠳᠡᠭᠡᠯᠡᠯ ᠤᠨ ᠣᠷᠠᠨ ᠵᠤᠬᠢᠶᠠᠯ ᠪᠢᠴᠢᠪᠠᠯ ᠳ᠋ᠠ᠃ ᠠᠩᠬᠠᠨ ᠤ ᠪᠦᠳᠦᠭᠡᠯ ᠮᠢᠨᠢ ᠶᠤᠰᠤᠳᠠᠢ ᠶᠠᠭᠤᠮᠠᠨ ᠪᠣᠯᠬᠤ ᠨᠢ ᠶᠤᠮ ᠦᠦ ⁉》 ᠭᠡᠭᠦ ᠪᠣᠳᠤᠯ ᠶᠡᠭᠡ ᠠᠮᠳᠠ ᠲᠡᠶ ᠪᠠᠢ᠌ᠨ᠎ᠠ᠃
ᠨᠢᠮᠨᠢᠷ ᠡᠪᠦᠭᠡᠨ ᠬᠠᠷ᠎ᠠ ᠪᠠᠭ᠎ᠠ ᠨᠠᠰᠤ ᠪᠠᠨ ᠬᠠᠷᠠᠩᠭ᠋ᠤᠢ ᠬᠠᠭᠤᠴᠢᠨ ᠨᠡᠢ᠌ᠭᠡᠮ ᠳᠤ ᠬᠠᠳᠠᠭᠤᠴᠢ ᠪᠠᠶᠠᠨ ᠤ ᠬᠤᠳᠠᠴᠢ ᠨᠤᠬᠠᠢ ᠲᠡᠶ ᠬᠠᠮᠳᠤ ᠬᠤᠨᠢᠨ ᠤ ᠵᠠᠬ᠎ᠠ ᠳᠤ ᠦᠷᠡᠭᠡᠭ᠍ᠰᠡᠨ ᠦᠨᠦᠴᠢᠨ ᠦᠷᠦᠭᠡᠰᠤᠨ ᠤ ᠨᠢᠭᠡᠨ ᠮᠦᠨ᠃
ᠳᠠᠪᠢᠨ ᠭᠡᠳᠦᠳᠦᠭᠡᠷ ᠵᠢᠯ ᠭᠤᠴᠢ ᠥᠯᠡᠭᠡᠳ ᠠᠷᠠᠢ ᠮᠠᠨ ᠤ ᠭᠡᠳᠡᠭ᠌ ᠭᠡᠷ ᠲᠡᠶ ᠮᠢᠨᠤ ᠭᠡᠳᠡᠭ᠌ ᠭᠡᠷᠭᠡᠢ ᠲᠡᠶ ᠪᠣᠯᠤᠭᠰᠠᠨ ᠭᠡᠳᠡᠭ᠌᠃
ᠨᠠᠮ ᠵᠠᠰᠠᠭ ᠤᠨ ᠠᠴᠢ ᠪᠠᠷ ᠨᠠᠷᠠᠨ ᠤ ᠳᠤᠶᠠᠭ᠎ᠠ ᠥᠵᠡᠭ᠍ᠰᠡᠨ ᠳᠤ ᠪᠠᠨ ᠪᠢᠵᠠ ᠳ᠋ᠠ ︕ ᠨᠠᠢ᠌ᠳᠠ ᠶᠢᠨ ᠮᠠᠯ ᠢ ᠠᠮᠢᠨ ᠡᠴᠠ ᠪᠠᠨ ᠢᠯᠡᠭᠦᠤ ᠬᠠᠢ᠌ᠷᠠᠯᠠᠵᠤ ᠶᠠᠪᠣᠨ᠎ᠠ᠃ ᠨᠢᠮᠨᠢᠷ ᠡᠪᠦᠭᠡᠨ ᠤ ᠮᠠᠯ ᠳᠦᠷᠪᠠᠨ ᠮᠥᠩᠭᠡ ᠳᠤ ᠳᠠᠷᠭᠤᠨ᠃ ᠳᠠᠳᠠᠨ ᠤ ᠬᠤᠳᠠᠨ ᠡᠴᠠ ᠦᠨᠦᠴᠢᠨ ᠢᠰᠢᠭᠡᠨ ᠤ ᠭᠠᠷᠤᠤ ᠭᠠᠷᠳᠠᠭ ᠦᠭᠡᠶ᠃ ᠵᠢᠯ ᠪᠦᠷᠢ ᠵᠢᠱᠢᠶᠠᠴᠢ ᠪᠣᠯᠳᠠᠭ᠃
ᠨᠢᠮᠨᠢᠷ ᠡᠪᠦᠭᠡᠨ ᠨᠠᠢ᠌ᠳᠠ ᠶᠢᠨ ᠭᠤᠷᠪᠠᠨ ᠵᠠᠭᠤᠨ ᠬᠠᠷ᠎ᠠ ᠳᠤᠯᠤᠭᠠᠢ᠌ᠳᠤ ᠬᠤᠨᠢ ᠬᠠᠷᠢᠭᠤᠯᠳᠠᠭ ᠪᠣᠯᠪᠠᠴᠤ ᠮᠠᠯ ᠭᠠᠷᠭᠠᠵᠤ ᠮᠢᠬ᠎ᠠ ᠢᠳᠡᠳᠡᠭ᠌ ᠦᠭᠡᠶ᠃ ᠵᠤᠨ ᠳᠠᠭᠠᠨ ᠰᠦᠨ ᠳᠤ ᠪᠣᠳᠠᠭ᠎ᠠ ᠴᠢᠨᠠᠵᠤ ᠢᠳᠡᠭᠡᠳ ᠡᠪᠦᠯ ᠳᠡᠭᠡᠨ ᠠᠭᠠᠷᠴᠠ ᠳᠤ ᠭᠦᠴᠡ ᠭᠢᠵᠤ ᠣᠤᠭᠤᠳᠠᠭ᠃ ᠮᠠᠯ ᠭᠠᠷᠭᠠᠨ᠎ᠠ ᠭᠡᠭᠦᠯ᠎ᠡ ᠡᠰᠡᠭᠡᠵᠤ ᠳᠠᠷᠤᠭ᠎ᠠ ᠳᠠᠭᠠᠭᠠᠮᠠᠯ ᠤᠨ ᠪᠢᠴᠢᠭ᠌ ᠶᠢᠡᠷ ᠬᠤᠨᠢ ᠠᠪᠬᠤ ᠭᠡᠵᠤ ᠢᠷᠡᠭ᠍ᠰᠡᠨ ᠭᠦᠮᠤᠨ ᠳᠤ ᠬᠤᠨᠢ ᠥᠭ᠍ᠳᠡᠭ᠌ ᠪᠣᠯᠬᠤᠯ᠎ᠠ ᠦᠭᠭᠦᠯ ᠦᠭᠡᠶ ᠬᠤᠴᠤᠷᠤᠭ᠂ 《ᠵᠠᠰᠠᠭ ᠤᠨ ᠪᠣᠶᠠᠨ ︕ ᠭᠢᠯᠢᠠᠴᠠ ᠪᠣᠯᠤᠨ᠎ᠠ ︕》 ᠭᠡᠳ ᠭᠦᠮᠤᠨ ᠡᠴᠡ ᠴᠤ᠂ ᠪᠠᠶ᠎ᠠ ᠡᠴᠡ ᠪᠠᠨ ᠴᠤ ᠬᠠᠷᠠᠮᠨᠠᠵᠤ ᠯᠠ ᠪᠠᠢ᠌ᠳᠠᠭ᠃
ᠨᠢᠮᠨᠢᠷ ᠡᠪᠦᠭᠡᠨ ᠪᠣᠵᠢᠨ ᠪᠣᠷᠤ ᠪᠠᠨ ᠣᠨᠤᠴᠢᠬᠠᠭᠠᠤᠨ ᠬᠤᠨᠢᠨ ᠤ ᠪᠠᠨ ᠠᠷᠤ ᠳᠤ ᠯᠠ ᠶᠠᠪᠣᠳᠠᠭ᠂ ᠶᠠᠭᠤᠮ᠎ᠠ ᠶᠢ ᠳᠤᠳᠤᠷ᠎ᠠ ᠪᠠᠨ ᠯᠠ ᠬᠠᠳᠠᠭᠠᠯᠠᠳᠠᠭ ᠳᠠᠭᠤ ᠦᠭᠡᠶ ᠭᠦᠮᠤᠨ᠃
ᠵᠤᠨ ᠳᠤ ᠬᠠᠶᠠ ᠨᠢᠭᠡ ᠰᠢᠮ᠎ᠠ ᠶᠢᠨ ᠶᠠᠭᠤᠮ᠎ᠠ ᠪᠠᠯᠭᠤᠴᠢᠬᠠᠪᠠᠯ ᠭᠡᠳᠤᠨ ᠠᠢ᠌ᠯ ᠶᠢᠡᠷ ᠣᠷᠤᠵᠤ 《ᠪᠢ ᠨᠠᠮ ᠵᠠᠰᠠᠭ ᠤᠨ ᠠᠪᠣᠷᠠᠯ ᠶᠢᠡᠷ ᠮᠠᠭᠤ ᠶᠠᠭᠤᠮ᠎ᠠ ᠥᠵᠡᠭ᠍ᠰᠡᠨ ᠦᠭᠡᠶ ᠪᠢ》᠂ 《ᠪᠢ ᠭᠡᠳᠡᠭ᠌ ᠨᠠᠮ ᠵᠠᠰᠠᠭ ᠤᠨ ᠬᠤᠷᠢᠨ ᠵᠢᠯ ᠤᠨ ᠬᠤᠨᠢᠴᠢ ᠪᠢ》 ᠭᠡᠳᠡᠭ᠌ ᠥᠭᠡ ᠪᠠᠨ ᠳᠠᠪᠳᠠᠨ ᠳᠠᠪᠳᠠᠨ ᠪᠣᠷᠠᠵᠤ ᠶᠠᠪᠣᠳᠠᠭ᠃ ᠪᠢ ᠪᠠᠭ᠎ᠠ ᠳᠤ ᠯᠠ 《ᠬᠤᠷᠢᠨ ᠵᠢᠯ ᠤᠨ ᠬᠤᠨᠢᠴᠢ ᠪᠢ》 ᠭᠡᠵᠤ ᠶᠠᠪᠣᠳᠠᠭ᠃ ᠭᠤᠷᠪᠠᠨ ᠵᠢᠯ ᠤᠨ ᠡᠮᠤᠨ᠎ᠡ ᠵᠤᠨ ᠤ ᠴᠢᠯᠦᠭᠡᠨ ᠳᠤ ᠬᠠᠷᠢᠵᠤ ᠢᠷᠡᠭᠦ ᠳᠤ ᠮᠦᠨ ᠯᠠ 《ᠬᠤᠷᠢᠨ ᠵᠢᠯ ᠤᠨ ᠬᠤᠨᠢᠴᠢ》 ᠭᠡᠪ ᠶᠢᠡᠷ ᠶᠢᠡᠨ ᠪᠠᠢ᠌ᠵᠠᠢ᠃
ᠡᠨᠡ ᠥᠭᠡ ᠨᠢ ᠶᠠᠭ ᠳᠡᠭᠦᠨ ᠤ ᠦᠬᠢᠷᠠᠵᠤ ᠴᠠᠢ᠌ᠭᠰᠠᠨ ᠬᠠᠷ᠎ᠠ ᠣᠯᠤᠠᠳᠠᠢ᠂ ᠊ᠭ᠍ᠬᠢᠷ ᠲᠡᠭᠡᠨ ᠭᠢᠯᠠᠢ᠌ᠭᠰᠠᠨ ᠪᠣᠷᠤ ᠮᠠᠯᠠᠭᠠᠢ ᠲᠡᠶ ᠠᠳᠠᠯᠢ ᠪᠠᠶ᠎ᠠ ᠳᠤ ᠨᠢ ᠮᠥᠩᠭᠡᠯᠡᠭ᠍ᠳᠡᠭ᠍ᠰᠡᠨ ᠵᠣᠢ᠌ᠯ ᠭᠡᠪᠳᠡᠢ ︕
ᠨᠢᠮᠨᠢᠷ ᠡᠪᠦᠭᠡᠨ ᠤ ᠪᠣᠵᠢᠨ ᠪᠣᠷᠤ ᠨᠢ ᠬᠠᠳᠠᠷᠢᠶ᠎ᠠ ᠡᠴᠠ ᠣᠠᠳᠤᠤ ᠶᠠᠪᠣᠳᠠᠯ ᠦᠭᠡᠶ᠃ ᠳᠠᠷᠭᠤᠯᠠᠳᠠᠭ ᠶᠢᠡᠨ ᠴᠤ ᠮᠡᠳᠡᠳᠡᠭ᠌ ᠦᠭᠡᠶ᠂ ᠡᠴᠡᠳᠡᠭ᠌ ᠶᠢᠡᠨ ᠴᠤ ᠮᠡᠳᠡᠳᠡᠭ᠌ ᠦᠭᠡᠶ᠂ ᠴᠢᠯᠠᠭᠤᠨ ᠰᠢᠭ ᠪᠠᠳᠤ᠂ ᠬᠤᠨᠢᠨ ᠤ ᠯᠠ ᠮᠤᠷᠢ ᠶᠤᠮ᠃ ᠨᠢᠮᠨᠢᠷ ᠡᠪᠦᠭᠡᠨ ᠪᠣᠷᠤ ᠮᠤᠷᠢ ᠯᠠ ᠣᠨᠤᠳᠠᠭ᠃
ᠡᠨᠡ ᠨᠢ ᠪᠠᠰᠠ ᠣᠴᠢᠷ ᠲᠡᠶ ᠭᠡᠨ᠎ᠡ᠃
ᠨᠢᠮᠨᠢᠷ ᠭᠡᠷᠯᠡᠭᠡᠳ ᠭᠤᠷᠪᠠᠨ ᠵᠢᠯ ᠪᠣᠯᠳᠠᠯ᠎ᠠ ᠨᠢ ᠦᠷᠠᠨ ᠤ ᠬᠤᠳᠤᠭ ᠳᠤᠭᠳᠠᠵᠤ ᠦᠭᠡᠶ᠃ ᠢᠩᠭᠢᠭᠡᠳ ᠳ᠋ᠤᠨᠢᠷ ᠭᠡᠳᠡᠭ᠌ ᠨᠤᠳᠤᠭ ᠤᠨ ᠨᠠᠷᠠ ᠲᠡᠶ ᠯᠠᠮᠠ ᠪᠠᠷ ᠨᠤᠮ ᠭᠢᠯᠭᠡᠭᠦ ᠳᠤ᠂ ᠨᠢᠮᠨᠢᠷ ᠢ ᠪᠣᠷᠤ ᠵᠢᠰᠤ ᠡᠴᠡ ᠣᠠᠳᠤᠤ ᠵᠢᠰᠤᠳᠠᠢ ᠮᠤᠷᠢ ᠣᠨᠤᠵᠤ ᠪᠣᠯᠬᠤ ᠦᠭᠡᠶ ᠭᠡᠵᠤ ᠴᠡᠭᠡᠷᠯᠡᠭᠦᠯᠦᠭ᠍ᠰᠡᠨ ᠭᠡᠨ᠎ᠡ᠃
ᠳᠡᠭᠦᠨ ᠡᠴᠡ ᠠᠪᠤᠭᠠᠳ᠂ ᠨᠢᠮᠨᠢᠷ ᠦᠷᠠᠨ ᠤ ᠪᠠᠨ ᠲᠦᠯᠦᠭᠡ᠂ ᠭᠠᠭᠴᠠ ᠭᠦ ᠦᠷᠠᠳᠠᠢ ᠦᠨᠳᠦᠰᠦ ᠲᠡᠶ ᠶᠠᠪᠣᠬᠤ ᠶᠢᠨ ᠳᠤᠯᠠ ᠳᠤ ᠪᠦᠷ ᠪᠣᠷᠤ ᠮᠤᠷᠢ ᠣᠨᠤᠳᠠᠭ ᠪᠣᠯᠵᠤ᠂ ᠣᠯᠤᠰ ᠳᠡᠭᠦᠨ ᠢ 《ᠪᠣᠵᠢᠨ ᠪᠣᠷᠤᠳᠤ》 ᠭᠡᠵᠤ ᠴᠤᠯᠠᠯᠠᠵᠠᠢ᠃
ᠬᠣᠢ᠌ᠨ᠎ᠠ ᠨᠢ ᠪᠣᠵᠢᠨ ᠪᠣᠷᠤᠳᠤ ᠭᠤᠷᠪᠠᠨ ᠦᠷ᠎ᠡ ᠲᠡᠶ ᠪᠣᠯᠵᠠᠢ᠃ ᠳᠠᠢ᠌ᠮᠤ ᠡᠴᠡ ᠳᠠᠷᠠ᠂ ᠪᠣᠷᠤ ᠮᠤᠷᠢᠨ ᠳᠤ ᠬᠠᠢ᠌ᠷᠠᠳᠠᠢ ᠪᠣᠯᠵᠠᠢ᠃ ᠣᠤᠭᠠᠨ ᠨᠢ ᠭᠦᠪᠠᠭᠦᠨ᠂ ᠡᠨᠡ ᠵᠢᠯ ᠪᠠᠷᠤᠭ ᠬᠤᠷᠢᠨ ᠨᠢ᠋ᠮᠠ ᠶᠢᠰᠤᠳᠠᠢ᠃ ᠭᠡᠷ ᠮᠠᠯ ᠲᠡᠶ ᠪᠣᠯᠤᠭᠰᠠᠨ ᠪᠠᠢ᠌ᠬᠤ᠃ ᠣᠤᠠᠬᠤᠨ ᠨᠢ ᠪᠠᠰᠠ ᠭᠦᠪᠠᠭᠦᠨ᠂ ᠡᠨᠡ ᠵᠢᠯ ᠪᠠᠷᠤᠭ ᠶᠢᠰᠤ ᠦᠦ᠂ ᠠᠷᠪᠠ ᠳ᠋ᠤᠭᠠᠷ ᠠᠩᠭᠢ ᠳᠤ ᠣᠩᠰᠢᠮᠠᠷ ᠪᠣᠯᠪᠠ᠃ ᠳᠤᠮᠳᠠᠭᠢ ᠨᠢ ᠦᠬᠢᠨ᠂ ᠨᠠᠳᠠ ᠲᠡᠶ ᠴᠢᠴᠠᠤ᠂ ᠱᠢᠷᠤ ᠭᠡᠳᠡᠭ᠌ ᠨᠠᠷᠠ ᠲᠡᠶ᠂ ᠭᠦᠭᠡᠷᠦᠭᠦᠨ ᠮᠤᠭᠤᠯᠴᠤᠭ ᠬᠠᠷ᠎ᠠ ᠦᠬᠢᠨ ᠪᠢᠯᠠ᠃
ᠪᠢᠳᠠᠨ ᠪᠠᠭ᠎ᠠ ᠳᠤ ᠮᠠᠨ ᠤ ᠭᠢᠨ ᠬᠤᠳᠠ ᠬᠤᠳᠠᠭᠠᠢ ᠪᠣᠯᠤᠨ᠎ᠠ ᠭᠡᠵᠤ ᠱᠢᠷᠤ ᠪᠢᠳᠠᠨ ᠬᠤᠶᠠᠷ ᠢ ᠱᠤᠭᠯᠠᠳᠠᠭ ᠪᠢᠯᠠ᠃ ᠪᠢ ᠴᠤ ᠬᠠᠷ᠎ᠠ ᠣᠬᠠᠭᠠᠨ ᠳᠠᠭᠠᠨ 《ᠬᠣᠢ᠌ᠨ᠎ᠠ ᠨᠢ ᠯᠠᠪᠳᠠᠢ ᠨᠢᠮᠨᠢᠷ ᠠᠪᠣ ᠶᠢᠨ ᠭᠦᠷᠭᠡᠨ》 ᠪᠣᠯᠳᠠᠭ ᠰᠢᠭ ᠪᠣᠳᠤᠵᠤ ᠳᠠᠳᠠᠨ ᠤ ᠭᠢᠨ ᠡᠴᠡ ᠶᠡᠭᠡ ᠯᠠ ᠵᠤᠯᠠᠵᠤ ᠪᠦᠷᠦᠭᠯᠡᠳᠡᠭ᠌ ᠪᠢᠯᠠ᠃
ᠱᠢᠷᠤ ᠪᠢᠳᠠᠨ ᠬᠤᠶᠠᠷ ᠠᠩᠬ᠎ᠠ ᠳᠤᠮᠳᠠᠳᠤ ᠳᠤ ᠣᠷᠤᠬᠤ ᠵᠢᠯ ᠱᠢᠷᠤ ᠶᠢ ᠰᠤᠷᠭᠠᠭᠤᠯᠢ ᠳᠤ ᠶᠠᠪᠣᠭᠤᠯᠤᠭᠰᠠᠨ ᠦᠭᠡᠶ᠃
ᠳᠠᠷᠠ ᠨᠠᠮᠤᠷ ᠪᠢᠯᠠ᠂ ᠡᠨᠡ ᠡᠳᠦᠷ ᠰᠤᠷᠭᠠᠭᠤᠯᠢ ᠡᠭᠢᠯᠡᠨ᠎ᠡ ᠭᠡᠰᠡᠨ᠃ ᠦᠷᠯᠦᠭᠡ ᠪᠢ ᠰᠤᠷᠭᠠᠭᠤᠯᠢ ᠳᠤ ᠶᠠᠪᠣᠬᠤ ᠪᠠᠷ ᠱᠠᠷ ᠲᠠᠭᠠᠨ ᠭᠦᠶᠦᠵᠤ ᠶᠠᠪᠣᠳᠠᠯ᠎ᠠ ᠨᠠᠮᠤᠷ ᠤᠨ ᠠᠯᠢᠰᠤ ᠭᠦᠭᠡᠭᠡᠵᠤ ᠡᠷᠳᠡ ᠪᠠᠯᠴᠢᠭ᠍ᠰᠡᠨ ᠬᠤᠨᠢᠨ ᠤ ᠠᠷᠤ ᠡᠴᠠ ᠭᠦᠶᠦᠵᠤ ᠶᠠᠪᠣᠭᠰᠠᠨ ᠱᠢᠷᠤ ᠨᠠᠮᠢ᠋ᠢ ᠥᠵᠡᠭᠡᠳ ᠳᠤᠰᠴᠤ ᠢᠷᠡᠭᠡᠳ᠄ 《ᠠᠢ᠌ᠳᠠᠢ ᠨᠠᠮᠢ᠋ᠢ ᠰᠤᠷᠭᠠᠭᠤᠯᠢ ᠳᠤ ᠶᠠᠪᠣᠭᠤᠯᠤᠭᠰᠠᠨ ᠦᠭᠡᠶ᠂ 〈ᠡᠭᠡ ᠴᠢᠨᠢ ᠭᠠᠭᠴᠠ ᠪᠠᠶ᠎ᠠ ᠲᠡᠶ᠂ ᠭᠡᠦᠭᠡᠨ ᠭᠦᠮᠤᠨ ᠨᠤᠮ ᠰᠤᠷᠤᠭᠠᠤᠨ ᠶᠠᠭᠤ ᠴᠠᠬᠤᠯᠠᠨᠠ〉 ᠭᠡᠨ᠎ᠡ》 ᠭᠡᠳ ᠱᠤᠭᠰᠢᠭᠠᠤᠨ ᠣᠭᠢᠯᠠᠴᠢᠬᠠᠯ᠎ᠠ᠃
ᠪᠢ ᠶᠠᠭᠤ ᠴᠤ ᠭᠡᠯᠡᠵᠤ ᠴᠢᠳᠠᠭᠰᠠᠨ ᠦᠭᠡᠶ᠃ 《ᠡᠷ᠎ᠡ ᠭᠦᠮᠤᠨ ᠭᠡᠵᠤ ᠪᠠᠢ᠌ᠭᠠᠤᠨ᠂ ᠦᠬᠢᠨ ᠭᠦᠮᠤᠨ ᠤ ᠡᠮᠤᠨ᠎ᠡ ᠣᠰᠤ ᠨᠢᠳᠤᠯᠠᠨᠡ ᠭᠡᠳᠡᠭ᠌ ᠮᠠᠭᠤ ᠢᠷᠸ᠎ᠠ》 ᠭᠡᠳᠡᠭ᠌ ᠪᠣᠳᠤᠯ ᠪᠣᠭᠤᠵᠤ ᠪᠠᠢ᠌ᠪᠠ ᠯᠠ᠂ ᠡᠰᠡᠭᠦᠯ᠎ᠡ ᠠᠰᠬᠠᠷᠠᠭᠤᠯᠵᠤ ᠣᠷᠭᠢᠮᠠᠷ ᠪᠣᠯᠤᠭᠠᠤᠨ ᠣᠳᠤᠯ᠎ᠠ ᠪᠢ᠃
ᠪᠢ ᠣᠳᠤ ᠴᠤ ᠶᠡᠭᠡ ᠬᠠᠷᠠᠮᠰᠠᠳᠠᠭ᠃ ᠱᠢᠷᠤ ᠠᠩᠭᠢ ᠳᠤᠳᠤᠷ᠎ᠠ ᠪᠠᠨ ᠴᠡᠴᠡᠭᠡᠢ ᠨᠢ ᠪᠠᠢ᠌ᠭᠰᠠᠨ ᠶᠤᠮ᠃ ᠳᠠᠪᠤᠨ ᠵᠢᠯ ᠳᠠᠷᠠᠭᠠᠯᠠᠨ ᠵᠢᠱᠢᠶᠠᠴᠢ ᠪᠣᠯᠤᠭᠰᠠᠨ᠃ ᠰᠤᠷᠭᠠᠭᠤᠯᠢ ᠶᠢᠨ ᠣᠷᠠᠨ ᠰᠠᠢ᠌ᠬᠠᠨ ᠤ ᠠᠩᠭᠢ ᠶᠢᠨ ᠳᠠᠭᠤᠴᠢᠨ᠂ ᠵᠢᠩᠭᠢᠨᠡᠭᠦᠯᠤᠨ ᠳᠠᠭᠤᠯᠠᠭᠠᠤᠨ ᠡᠮᠡᠭᠡᠳ ᠢ ᠣᠭᠢᠯᠠᠭᠤᠯᠵᠤ ᠪᠠᠢ᠌ᠳᠠᠭ ᠪᠢᠯᠠ᠃
ᠠᠢ ︕
ᠭᠡᠷᠡᠭ᠌ ᠤᠨ ᠵᠠᠬ᠎ᠠ ᠪᠠᠷ ᠶᠠᠪᠣᠳᠠᠭ 《ᠭᠦᠭᠡ ᠬᠠᠯᠳᠠᠷ》 ᠊᠊᠊᠊᠊᠊᠊᠊᠊᠊᠊᠊᠊᠊᠊ ᠪᠢ ᠣᠳᠤ ᠨᠢᠭᠡ ᠰᠤᠷᠪᠣᠯᠵᠢᠯᠠᠭᠴᠢ ᠪᠣᠯᠤᠭᠠᠤᠨ ᠭᠡᠢ᠌ᠰᠭᠡᠵᠤ ᠶᠠᠪᠣᠬᠤᠯ᠎ᠠ᠂ ᠭᠡᠷᠪᠡ ᠱᠢᠷᠤ ᠣᠩᠰᠢᠭᠠᠤᠨ ᠪᠠᠢ᠌ᠭᠰᠠᠨ ᠪᠣᠯ ᠡ ︕
ᠪᠢ ᠨᠢᠮᠨᠢᠷ ᠡᠪᠦᠭᠡᠨ ᠤ ᠳᠤᠬᠠᠢ ᠪᠣᠳᠤᠭᠰᠠᠭᠠᠷ᠂ ᠨᠢᠭᠡ ᠮᠡᠳᠡᠭᠦ ᠳᠤ᠂ ᠰᠢᠷᠢᠭ᠌ ᠤᠨ ᠡᠭᠢ ᠪᠠᠷ ᠣᠷᠤᠵᠤ ᠶᠠᠪᠣᠵᠠᠢ᠃ ᠰᠢᠷᠢᠭ᠌ ᠲᠤ ᠬᠤᠯᠠ ᠬᠤᠯᠠ ᠪᠠᠭᠤᠭᠰᠠᠨ ᠭᠤᠷᠪᠠᠨ ᠭᠡᠷ ᠪᠠᠢ᠌ᠯ᠎ᠠ᠃
ᠡᠭᠢᠨ ᠤ ᠭᠢᠨᠢ ᠪᠣᠷᠤ ᠵᠤᠯᠤᠮ ᠪᠠᠢ᠌ᠯ᠎ᠠ᠃ ᠲᠦᠮᠡᠨ ᠳᠦᠭᠦᠷᠢᠭ᠌ ᠲᠡᠶ ᠠᠢ᠌ᠯ ᠡᠢ᠌ᠮᠤ ᠪᠣᠯᠳᠠᠭ ᠪᠢᠯᠠ ᠦᠦ ︕ ᠴᠠᠭᠠᠳᠤᠭᠢ ᠬᠤᠶᠠᠷ ᠭᠡᠷ ᠤᠨ ᠨᠢᠭᠡ ᠨᠢ ᠭᠡᠭᠦᠤ ᠪᠠᠷᠢᠭᠰᠠᠨ ᠥᠵᠡᠭ᠍ᠳᠡᠨ᠎ᠡ᠃ ᠪᠠᠰᠠ ᠨᠢᠭᠡᠨ ᠤ ᠭᠢᠨᠢ ᠡᠷᠭᠢᠭᠡᠨ ᠳᠤ ᠣᠯᠠᠨ ᠳᠤᠭᠤᠯ ᠥᠵᠡᠭ᠍ᠳᠡᠨ᠎ᠡ᠂ ᠪᠠᠷᠤᠭ ᠥᠭᠡᠷᠴᠢ ᠠᠢ᠌ᠯ᠃ ᠬᠠᠷᠢᠨ ᠡᠭᠢᠨ ᠤ ᠪᠣᠷᠤ ᠵᠤᠯᠤᠮ ᠤᠨ ᠪᠠᠷᠠᠭᠤᠨ ᠪᠠᠶ᠎ᠠ ᠳᠤ ᠬᠤᠨᠢᠨ ᠤ ᠬᠤᠳᠠᠨ ᠬᠠᠷᠠᠯᠠᠨ ᠥᠵᠡᠭ᠍ᠳᠡᠨ᠎ᠡ᠃ ᠭᠡᠷ ᠤᠨ ᠵᠡᠭᠦᠨ ᠪᠠᠶ᠎ᠠ ᠳᠤ ᠶᠠᠰᠤᠨ ᠶᠠᠩᠭᠢᠷᠴᠠᠭ ᠪᠣᠯᠤᠭᠰᠠᠨ ᠡᠳᠴᠡᠨ ᠬᠤᠶᠠᠷ ᠮᠤᠷᠢᠨ ᠭᠠᠵᠠᠷ ᠡᠴᠠ ᠳᠤᠯᠤᠭᠠᠢ ᠪᠠᠨ ᠠᠪᠣᠯ ᠦᠭᠡᠶ ᠢᠳᠠᠵᠤ ᠪᠠᠢ᠌ᠨ᠎ᠠ᠃ ᠡᠭᠢᠨ ᠤ ᠭᠡᠷ ᠡᠴᠡ ᠰᠤᠷᠠᠭ ᠠᠪᠬᠤ ᠰᠠᠨᠠᠭᠠᠳᠠᠢ ᠵᠢᠯᠤᠭᠤ ᠳᠠᠳᠠᠵᠤ ᠳᠦᠪᠭᠢᠨᠡᠭᠦᠨ ᠤᠢ᠌ᠷᠠᠳᠤᠪᠠᠯ ᠨᠤᠬᠠᠢ ᠬᠤᠴᠠᠵᠤ᠂ ᠨᠤᠬᠠᠢ ᠶᠢᠨ ᠳᠠᠭᠤ ᠪᠠᠷ ᠭᠡᠷ ᠡᠴᠡ ᠨᠢᠭᠡ ᠪᠦᠭ᠍ᠳᠦᠭᠡᠷ ᠡᠮᠡᠭᠡᠨ ᠭᠠᠷᠴᠤ ᠢᠷᠠᠯ᠎ᠠ᠃ ᠡᠮᠦᠰᠦᠭ᠍ᠰᠡᠨ ᠳᠡᠷᠯᠢᠭ᠌ ᠨᠢ ᠶᠡᠭᠡ ᠯᠠ ᠡᠪ ᠦᠭᠡᠶ ᠥᠵᠡᠭ᠍ᠳᠡᠨ᠎ᠡ᠃ ᠳᠡᠷᠯᠢᠭ᠌ ᠭᠡᠳᠡᠭ᠌ ᠬᠤᠪᠴᠠᠰᠤᠨ ᠳᠤ ᠣᠯᠠᠨ ᠬᠠᠯᠠᠭᠠᠰᠤ ᠬᠠᠯᠠᠪᠠᠯ ᠡᠪ ᠦᠭᠡᠶ ᠥᠵᠡᠭ᠍ᠳᠡᠳᠡᠭ᠌ ᠡᠳ᠋ ᠵᠢᠭᠢ ᠯᠠ᠃
ᠡᠮᠡᠭᠡᠨ᠂ ᠴᠢᠷᠠᠢ ᠵᠢᠰᠤ ᠭᠡᠵᠤ ᠦᠭᠡᠶ᠂ ᠨᠢᠳᠤ ᠨᠢ ᠣᠯᠠᠭᠠᠨ ᠮᠢᠬᠠᠨ ᠪᠣᠯᠤᠭᠰᠠᠨ᠂ ᠨᠢᠭᠡ ᠯᠠ ᠵᠤᠪᠠᠵᠤ ᠡᠯᠡᠭ᠍ᠰᠡᠨ ᠰᠢᠠᠵᠢᠳᠠᠢ᠃ ᠪᠢ ᠮᠤᠷᠢᠨ ᠡᠴᠠ ᠪᠠᠨ ᠪᠠᠭᠤᠵᠤ ᠠᠮᠤᠷ ᠡᠷᠢᠭᠡᠳ᠄ 《ᠨᠢᠮᠨᠢᠷ ᠠᠪᠣ ᠶᠢᠨ ᠭᠡᠷ ᠬᠠᠮᠢᠭ᠎ᠠ ᠪᠠᠢ᠌ᠳᠠᠭ ᠪᠢᠯᠠ ︖》 ᠭᠡᠵᠤ ᠰᠤᠷᠬᠤ ᠳᠤ᠂ ᠡᠮᠡᠭᠡᠨ ᠨᠠᠮᠢ᠋ᠢ ᠯᠠᠪᠯᠠᠨ ᠰᠢᠷᠳᠠᠯ᠎ᠠ᠃ ᠡᠨᠡ ᠦᠶ᠎ᠡ ᠳᠤ ᠪᠢ ᠨᠢᠮᠨᠢᠷ ᠤᠨ ᠡᠮᠡᠭᠡᠨ ᠢ ᠳᠦᠰᠦᠭᠡᠯᠡᠨ ᠳᠠᠨᠢᠵᠤ᠂ ᠴᠤᠴᠢᠵᠤ ᠣᠳᠤᠯ᠎ᠠ᠃ ᠭᠦᠮᠤᠨ ᠭᠤᠷᠪᠠᠬᠠᠨ ᠵᠢᠯ ᠤᠨ ᠳᠤᠳᠤᠷ᠎ᠠ ᠢᠩᠭᠢᠳᠠᠯ᠎ᠠ ᠪᠠᠨ ᠡᠴᠡᠵᠤ ᠳᠤᠷᠠᠵᠤ᠂ ᠢᠩᠭᠢᠳᠠᠯ᠎ᠠ ᠪᠠᠨ ᠦᠳᠡᠯᠤᠨᠡ ᠭᠡᠳᠡᠭ᠌ ᠥᠨᠡᠭᠡᠷ ᠰᠤᠨᠢᠨ ︕ ᠡᠨᠡ ᠡᠵᠢ ᠥᠨᠡᠭᠡᠷ ᠬᠠᠳᠠᠭᠰᠠᠨ ᠬᠠᠭᠤᠴᠢᠨ ᠪᠣᠷᠳᠤᠭᠤ ᠮᠠᠳᠤ ᠪᠣᠯᠵᠠᠢ᠃
᠊᠊᠊᠊᠊᠊᠊᠊᠊᠊᠊᠊᠊᠊᠊ ᠡᠨᠡ ᠮᠦᠨ ᠭᠡᠵᠤ ᠡᠮᠡᠭᠡᠨ ᠳᠤᠷᠤᠢ ᠳᠤᠤᠭᠠᠷᠤᠯ᠎ᠠ᠃ ᠨᠠᠮᠢ᠋ᠢ ᠳᠠᠨᠢᠭᠰᠠᠨ ᠦᠭᠡᠶ ᠶᠢᠨ ᠳᠡᠮᠳᠡᠭ᠌᠃
ᠭᠡᠷ ᠲᠤ ᠣᠷᠤᠬᠤᠯ᠎ᠠ ᠬᠣᠢ᠌ᠮᠤᠷ ᠲᠤ ᠴᠠᠭᠠᠨ ᠳᠤᠯᠤᠭᠠᠢ ᠲᠡᠶ ᠭᠦᠮᠤᠨ ᠢᠮᠠᠭᠠᠨ ᠤ ᠠᠷᠠᠰᠤᠨ ᠦᠴᠤ ᠪᠠᠷ ᠬᠤᠴᠢᠵᠤ ᠴᠠᠭᠠᠷᠤ ᠬᠠᠯᠢᠶᠠᠨ ᠭᠡᠪᠳᠡᠵᠤ ᠪᠠᠢ᠌ᠨ᠎ᠠ᠃
ᠪᠠᠷᠠᠭᠤᠨ ᠪᠠᠶ᠎ᠠ ᠳᠤ ᠪᠦᠳᠦᠭᠦᠨ ᠬᠠᠷ᠎ᠠ ᠡᠷ᠎ᠡ ᠪᠦᠭᠦᠯᠢ ᠪᠠᠷ ᠶᠢᠡᠨ ᠳᠤᠬᠤᠮ ᠳᠠᠷᠠᠯᠠᠨ ᠣᠠᠳᠠᠵᠤ ᠪᠠᠢ᠌ᠨ᠎ᠠ᠃
ᠡᠮᠡᠭᠡᠨ ᠨᠠᠳᠠ ᠳᠤ ᠳᠤᠮᠪᠣ ᠡᠴᠠ ᠭᠦᠢᠳᠡᠨ ᠭᠢᠮᠠᠷ ᠭᠢᠵᠤ ᠦᠭᠭᠦᠭᠡᠳ᠄ 《ᠭᠦᠪᠠᠭᠦᠨ ᠮᠢᠨᠢ᠂ ᠣᠮᠳᠠ ᠪᠠᠨ ᠬᠠᠷᠢᠭᠤᠯᠵᠤ ᠪᠠᠢ᠃ ᠡᠵᠢ ᠨᠢ ᠭᠠᠯ ᠲᠦᠯᠠᠶᠠ ︕》 ᠭᠡᠵᠤ ᠭᠡᠯᠡᠭᠡᠳ ᠭᠠᠷᠴᠤ ᠣᠳᠤᠯ᠎ᠠ᠃
ᠪᠠᠰᠠ ᠯᠠ ᠨᠠᠮᠢ᠋ᠢ ᠳᠠᠨᠢᠭᠰᠠᠨ ᠦᠭᠡᠶ᠃
ᠡᠨᠡ ᠵᠠᠪᠰᠠᠷ ᠪᠢ ᠲᠦᠮᠡᠨ ᠳᠦᠭᠦᠷᠢᠭ᠌ ᠲᠡᠶ ᠪᠠᠶᠠᠨ ᠠᠢ᠌ᠯ ᠢ ᠰᠤᠷᠪᠣᠯᠵᠢᠯᠠᠭᠴᠢ ᠶᠢᠨ ᠶᠤᠰᠤᠭᠠᠷ ᠰᠢᠠᠵᠢᠯᠠ᠃
ᠵᠡᠭᠦᠨ ᠪᠠᠶ᠎ᠠ ᠳᠤ ᠮᠢᠨᠤ ᠪᠠᠭ᠎ᠠ ᠡᠴᠠ ᠪᠠᠨ ᠳᠠᠨᠢᠳᠠᠭ ᠶᠠᠭᠤᠮᠠᠨ ᠠᠷᠪᠢᠨ ᠪᠠᠢ᠌ᠯ᠎ᠠ᠃ ᠨᠢᠮᠨᠢᠷ ᠭᠡᠷᠯᠡᠭᠦ ᠳᠤ ᠮᠠᠨ ᠤ ᠨᠠᠭᠠᠴᠤ ᠨᠢᠮ᠎ᠠ ᠭᠡᠳᠡᠭ᠌ ᠮᠤᠳᠤᠴᠢᠨ ᠭᠦᠮᠤᠨ ᠰᠡᠯᠪᠢᠭ᠌ ᠦᠭᠭᠦᠭ᠍ᠰᠡᠨ ᠭᠡᠵᠤ ᠡᠵᠢ ᠭᠡᠯᠡᠳᠡᠭ᠌ ᠮᠤᠷᠢᠨ ᠳᠠᠯᠪᠢᠴᠠ ᠪᠦᠳᠡᠭᠡᠯᠭᠡ ᠦᠭᠡᠶ ᠠᠷᠵᠠᠢ᠌ᠵᠤ᠂ ᠳᠡᠭᠦᠨ ᠤ ᠳᠡᠭᠡᠷ᠎ᠡ ᠳᠦᠷᠪᠠᠨ ᠰᠠᠪᠠᠯ᠂ ᠳᠦᠭᠦᠷᠡᠩ ᠰᠦ᠋ ᠲᠡᠶ ᠬᠤᠶᠠᠷ ᠮᠤᠳᠤᠨ ᠳᠠᠪᠰᠢ᠂ ᠬᠤᠶᠠᠷ ᠮᠤᠳᠤᠨ ᠴᠥᠭᠦᠴᠡ᠂ ᠭᠡᠳᠤᠨ ᠱᠠᠭᠠᠵᠠᠩ ᠵᠡᠷᠭᠡ ᠶᠠᠭᠤᠮᠠᠨ ᠥᠵᠡᠭ᠍ᠳᠡᠨ᠎ᠡ᠃ ᠳᠠᠯᠪᠢᠴᠠ ᠶᠢᠨ ᠵᠡᠭᠦᠨ ᠳᠠᠯ᠎ᠠ ᠳᠤ ᠵᠥᠭᠡᠭᠡᠢ ᠲᠡᠶ ᠬᠤᠶᠠᠷ ᠭᠦᠨᠦᠭ᠌᠂ ᠣᠰᠤ ᠲᠡᠶ ᠮᠤᠳᠤᠨ ᠰᠠᠭᠤᠯᠠᠭ᠎ᠠ ᠭᠤᠷᠪᠠ᠂ ᠳᠠᠮᠤᠷ ᠰᠠᠭᠤᠯᠭ᠎ᠠ ᠨᠢᠭᠡ ᠶᠠᠷᠠᠢ᠌ᠯᠳᠤᠵᠠᠢ᠃
ᠥᠵᠡᠭᠦ ᠳᠤ ᠲᠦᠮᠡᠨ ᠳᠦᠭᠦᠷᠢᠭ᠍ᠳᠤ ᠶᠢᠨ ᠭᠡᠷ ᠭᠡᠭᠦ ᠳᠤ ᠶᠠᠭ ᠪᠢᠰᠢ᠂ ᠡᠭᠦᠨ ᠤ ᠣᠷᠤᠨ ᠳᠤ ᠬᠠᠷᠢᠨ ᠬᠠᠭᠤᠴᠢᠨ ᠭᠠᠷ ᠤᠨ ᠡᠮᠡᠭᠡᠨ ᠭᠦᠮᠤᠨ ᠤ ᠡᠵᠡᠯᠡᠵᠤ ᠪᠠᠢ᠌ᠬᠤ ᠵᠡᠭᠦᠨ ᠪᠠᠶ᠎ᠠ ᠭᠡᠭᠦᠯ᠎ᠡ ᠳᠠᠭ ᠮᠦᠨ᠃
ᠬᠣᠢ᠌ᠮᠤᠷ ᠲᠤ ᠬᠤᠷᠢᠶᠠᠭᠰᠠᠨ ᠨᠠᠮᠬᠠᠨ ᠪᠠᠷᠠᠭ᠎ᠠ ᠶᠢ ᠪᠦᠳᠡᠭᠡᠭ᠍ᠰᠡᠨ ᠊ᠭ᠍ᠬᠢᠷ ᠲᠡᠭᠡᠨ ᠪᠣᠷᠤᠯᠠᠭᠰᠠᠨ ᠪᠦᠳᠡᠭᠡᠯᠭᠡ ᠨᠢ ᠨᠠᠷᠢᠳᠴᠤ ᠬᠤᠶᠠᠷ ᠵᠠᠬ᠎ᠠ ᠪᠠᠷ ᠨᠢ ᠠᠷᠠᠰᠤᠨ ᠭᠦᠳᠦᠰᠤᠨ ᠭᠤᠤᠯᠳᠠᠭᠤ ᠶᠠᠭᠤᠮᠠᠨ ᠤ ᠵᠠᠭᠠᠭ ᠶᠢᠡᠷ ᠭᠡᠳᠤᠨ ᠳᠤᠷᠭᠠᠨ ᠭᠦᠡᠵᠢᠯᠡ ᠶᠢᠨ ᠥᠡᠴᠦᠭ᠌ ᠊ᠭ᠍ᠬᠢᠷ ᠲᠤ ᠳᠠᠷᠤᠭᠳᠠᠵᠤ ᠥᠩᠭᠡ ᠠᠯᠳᠠᠭᠰᠠᠨ ᠭᠤᠮᠤᠳᠠᠯᠳᠠᠢ᠌ᠬᠠᠨ ᠴᠤᠬᠣᠢ᠌ᠨᠠ᠃
ᠪᠠᠷᠠᠭᠤᠨ ᠪᠠᠶ᠎ᠠ ᠳᠤ ᠪᠦᠳᠦᠭᠦᠨ ᠬᠠᠷ᠎ᠠ ᠡᠷ᠎ᠡ ᠪᠠ ᠳᠠᠷᠮ᠎ᠠ ᠶᠢᠨ ᠳᠤᠯᠤᠭᠠᠢ ᠳᠤ ᠡᠯᠭᠦᠭᠡᠰᠦᠳᠡᠢ ᠰᠤᠷ ᠶᠢᠡᠷ ᠪᠠᠷᠢᠭᠤᠯ ᠭᠢᠭ᠍ᠰᠡᠨ ᠪᠣᠭᠤᠱ ᠭᠡᠯᠪᠠᠷᠢ ᠶᠢᠨ ᠳᠠᠭᠤ ᠰᠢᠩᠭᠡᠭᠡᠭ᠍ᠴᠢ ᠯᠠ ᠡᠨᠡ ᠭᠡᠷ ᠲᠤ ᠴᠢᠮᠡᠭ᠌ ᠨᠠᠮᠠᠵᠠᠢ᠃
ᠭᠡᠷᠪᠡ ᠳᠠᠷᠠ ᠳᠠᠭᠤ ᠰᠢᠩᠭᠡᠭᠡᠭ᠍ᠴᠢ ᠪᠠᠢ᠌ᠭᠰᠠᠨ ᠦᠭᠡᠶ ᠪᠣᠯᠪᠠᠯ ᠡᠨᠡ ᠭᠡᠷ ᠢ ᠬᠤᠷᠢᠳᠤᠭᠠᠷ ᠵᠠᠭᠤᠨ ᠤ ᠨᠠᠶᠠᠭᠠᠤᠨ ᠣᠨ ᠤ ᠦᠶ᠎ᠡ ᠶᠢᠨ ᠮᠤᠩᠭ᠋ᠤᠯ ᠠᠢ᠌ᠯ ᠭᠡᠵᠤ ᠢᠳᠡᠭᠡᠭᠦ ᠳᠤ ᠭᠡᠴᠡᠭᠦᠤ ᠪᠢᠯᠠ᠃
ᠡᠷ᠎ᠡ ᠶᠢᠨ ᠡᠭᠡᠮ᠎ᠡ ᠳᠤ ᠭᠦᠷᠦᠭ᠍ᠰᠡᠨ ᠭᠡᠦᠭᠡ ᠲᠡᠶ᠂ ᠠᠭᠳᠠ ᠶᠢᠨ ᠰᠠᠢ᠌ᠷᠢ ᠲᠤ ᠭᠠᠷᠤᠭᠰᠠᠨ ᠭᠦᠪᠠᠭᠦᠤᠨ ᠲᠡᠶ ᠠᠢ᠌ᠯ ᠡᠢ᠌ᠮᠤ ᠪᠣᠯᠳᠠᠭ ᠪᠢᠯᠠ ᠦᠦ ︖ ᠭᠡᠵᠤ ᠪᠣᠳᠤᠬᠤᠯ᠎ᠠ ᠰᠡᠳᠭᠢᠯ ᠵᠢᠭ᠍ᠳᠡᠢ ᠰᠤᠨᠢᠨ ᠪᠣᠯᠤᠨ᠎ᠠ᠃
ᠡᠮᠡᠭᠡᠨ ᠣᠷᠤᠵᠤ ᠢᠷᠡᠭᠡᠳ ᠳᠤᠯᠭ᠎ᠠ ᠶᠢᠨ ᠵᠡᠭᠦᠨ ᠳ᠋ᠠᠭᠢ ᠦᠪᠡᠷ ᠤᠨ ᠪᠠᠢ᠌ᠷᠢ ᠪᠠᠨ ᠡᠵᠡᠯᠡᠨ ᠬᠠᠭᠤᠴᠢᠨ ᠠᠳᠠᠰᠬ᠎ᠠ ᠳᠡᠭᠡᠷ᠎ᠡ ᠰᠠᠭᠤᠯ᠎ᠠ᠃ ᠥᠭᠡ ᠳᠠᠭᠤᠨ ᠦᠭᠡᠶ᠃
᠊᠊᠊᠊᠊᠊᠊᠊᠊᠊᠊᠊᠊᠊᠊ ᠡᠵᠢ ᠳᠠ ᠨᠠᠮᠢ᠋ᠢ ᠳᠠᠨᠢᠬᠤ ᠦᠭᠡᠶ ᠪᠠᠢ᠌ᠬᠤ ᠭᠡᠪᠳᠡᠢ ᠳᠠ ⁉ ᠪᠢ ᠦᠨᠡᠨ ᠪᠢᠰᠢ ᠦᠦ ︕ ᠰᠢᠷᠢᠪ ᠤᠨ ᠭᠦᠭᠡ ᠬᠠᠯᠳᠠᠷ ᠡᠰᠡ ᠦᠦ ︕ ᠭᠡᠵᠤ ᠢᠨᠢᠶᠠᠨ ᠪᠠᠢ᠌ᠵᠤ ᠪᠠᠭ᠎ᠠ ᠶᠢᠨ ᠬᠤᠴᠢ ᠪᠠᠨ ᠴᠤ ᠭᠡᠯᠡᠵᠤ ᠣᠷᠭᠢᠯ᠎ᠠ ᠪᠢ᠃ ᠭᠦᠭ᠍ᠰᠢᠨ ᠨᠠᠰᠤᠳᠠᠢ ᠭᠦᠮᠤᠨ ᠳᠤ ᠡᠪᠳᠡᠢ᠌ᠭᠡᠨ ᠰᠤᠨᠤᠰᠳᠠᠬᠤ ᠪᠠᠢ᠌ᠬᠤ ᠳ᠋ᠠ ︕
᠊᠊᠊᠊᠊᠊᠊᠊᠊᠊᠊᠊᠊᠊᠊ ᠪᠣᠷᠬᠠᠨ᠂ ᠭᠤᠷᠪᠠᠨ ᠡᠷᠳᠡᠨᠢ ︕ ᠭᠦᠭᠡ ᠬᠠᠯᠳᠠᠷ ᠮᠢᠨᠢ ᠮᠦᠨ ᠴᠢ ᠦᠦ ⁉ ᠮᠤᠩᠭ᠋ᠤᠯ ᠭᠡᠯᠡ ᠲᠡᠶ ᠭᠢᠳᠠᠤᠨ ᠪᠣᠯᠭᠠᠯ᠎ᠠ ᠪᠢ᠃ ᠶᠡᠭᠡ ᠶᠢᠨ ᠭᠠᠵᠠᠷ ᠶᠠᠪᠣᠭᠠᠤᠨ ᠁ ᠢᠱᠢ᠂ ᠭᠦᠭᠡᠷᠦᠭᠦᠢ ᠮᠢᠨᠢ ︕ ᠡᠴᠡᠭᠡᠳ ᠳᠤᠷᠠᠭᠠᠤᠨ ᠁ ᠵᠠᠯᠠᠭᠤ ᠪᠣᠯᠵᠤ ᠳ᠋ᠠ ︕ ᠡᠵᠢ ᠨᠢ ᠶᠠᠭᠠᠭᠢᠵᠤ ᠳᠠᠨᠢᠬᠤ ᠪᠣᠢ ᠭᠡᠵᠤ ᠭᠡᠯᠡᠭ᠍ᠰᠡᠭᠡᠷ ᠰᠦᠯᠵᠢᠷᠠᠵᠤ ᠢᠷᠡᠭᠡᠳ ᠮᠠᠩᠨᠠᠢ ᠡᠴᠠ ᠮᠢᠨᠢ ᠥᠨᠦᠰᠦᠭᠡᠳ ᠣᠭᠢᠯᠠᠵᠤ ᠣᠷᠭᠢᠯ᠎ᠠ᠃
ᠡᠨᠡ ᠡᠵᠢ ᠠᠷᠭ᠎ᠠ ᠦᠭᠡᠶ ᠣᠶᠠᠨ ᠵᠥᠭᠡᠯᠡᠨ ᠭᠦᠮᠤᠨ᠃ ᠬᠠᠷ᠎ᠠ ᠪᠠᠭ᠎ᠠ ᠨᠠᠰᠤᠨ ᠳᠠᠭᠠᠨ ᠦᠨᠦᠴᠢᠨ ᠦᠷᠦᠭᠡᠰᠤᠨ ᠶᠠᠪᠣᠵᠤ᠂ ᠭᠠᠯᠪᠢᠷ ᠴᠠᠭ ᠲᠠᠭᠠᠨ ᠬᠤᠶᠠᠷ ᠴᠤ ᠭᠦᠮᠤᠨ ᠲᠡᠶ ᠨᠡᠢ᠌ᠯᠡᠭᠡᠳ ᠦᠷᠠᠨ ᠤ ᠬᠤᠳᠤᠭ ᠳᠤᠭᠳᠠᠵᠤ ᠦᠭᠡᠶ᠃ ᠠᠳᠠᠭ ᠲᠠᠭᠠᠨ ᠨᠢᠮᠨᠢᠷ ᠲᠤ ᠢᠷᠡᠭᠡᠳ ᠳᠤᠯᠤᠭᠠᠨ ᠦᠷ᠎ᠡ ᠭᠠᠷᠭᠠᠵᠤ᠂ ᠭᠤᠷᠪᠠ ᠨᠢ ᠭᠦᠮᠤᠨ ᠤ ᠳᠤᠭ᠎ᠠ ᠡᠵᠡᠯᠡᠵᠡᠢ᠃ ᠵᠤᠪᠠᠯᠠᠩ ᠶᠡᠭᠡ ᠥᠵᠡᠭ᠍ᠰᠡᠨ ᠭᠦᠮᠤᠨ ᠤ ᠰᠡᠳᠭᠢᠯ ᠣᠶᠠᠨ ᠪᠣᠯᠳᠠᠭ ᠨᠢ ᠵᠦᠪ ᠳ᠋ᠠ᠃
《ᠨᠢᠮᠨᠢᠷ ᠲᠤ ᠢᠷᠡᠭᠡᠳ ᠦᠷ᠎ᠡ ᠲᠡᠶ ᠪᠣᠯᠤᠭᠰᠠᠨ ᠡᠴᠠ ᠪᠢᠰᠢ᠂ ᠣᠠᠳᠤᠤ ᠶᠠᠮᠠᠷ ᠴᠤ ᠵᠢᠷᠭᠠᠯ ᠥᠵᠡᠭ᠍ᠰᠡᠨ ᠪᠢᠰᠢ᠃ ᠨᠢᠭᠡ ᠴᠤ ᠡᠳᠦᠷ ᠭᠦᠮᠤᠨ ᠤ ᠡᠭᠡᠨᠡᠷ ᠤᠳ ᠰᠢᠭ᠌ ᠰᠠᠢ᠌ᠷᠢ ᠳᠡᠭᠡᠷ᠎ᠡ ᠪᠠᠨ ᠭᠠᠷ ᠶᠢᠡᠨ ᠳᠠᠯᠪᠢᠵᠤ ᠥᠵᠡᠭᠡᠳ ᠦᠭᠡᠶ᠃ ᠬᠠᠷ᠎ᠠ ᠬᠠᠢ᠌ᠰᠤᠨ ᠤ ᠳᠦᠷᠪᠠᠨ ᠴᠢᠭᠢ ᠳᠠᠢ ᠯᠠ ᠣᠷᠢᠶᠠᠯᠳᠤᠭᠠᠤᠨ ᠨᠠᠷᠠ ᠨᠠᠰᠤ ᠪᠠᠨ ᠪᠠᠷᠠᠵᠤ ᠶᠠᠪᠣᠭ᠎ᠠ ᠭᠦᠮᠤᠨ᠃ ᠭᠦᠭᠡᠷᠦᠭᠦᠢ ᠭᠠᠭᠴᠠ ᠭᠡᠦᠭᠡ ᠨᠢ ᠬᠠᠷᠢᠭᠤ ᠳᠤ ᠣᠷᠤᠬᠤᠯ᠎ᠠ᠂ ᠨᠢᠭᠡ ᠶᠠᠰᠤ ᠪᠠᠨ ᠠᠮᠠᠷᠠᠭᠠᠨ᠎ᠠ ᠳ᠋ᠠ ︕》 ᠭᠡᠵᠤ ᠠᠢ᠌ᠯ ᠤᠨ ᠠᠢ᠌ᠪᠠᠢ ᠨᠡᠷ ᠭᠡᠯᠡᠯᠴᠡᠳᠡᠭ᠌ ᠪᠢᠯᠠ᠃ ᠣᠳᠤ ᠭᠠᠭᠴᠠ ᠦᠬᠢᠨ ᠨᠢ ᠱᠢᠷᠤ ᠬᠠᠷᠢᠭᠤ ᠳᠤ ᠣᠷᠤᠬᠤ ᠨᠠᠰᠤᠨ ᠳᠤ ᠴᠤ ᠭᠦᠷᠦᠯ᠎ᠡ᠃ ᠭᠡᠪᠠᠴᠤ ᠁
ᠡᠵᠢ ᠶᠢᠨ ᠰᠡᠳᠭᠢᠯ ᠶᠡᠭᠡ ᠣᠶᠠᠷᠠᠭᠰᠠᠨ ᠰᠢᠭ ᠪᠠᠢ᠌ᠯ᠎ᠠ᠃ ᠪᠠᠭ᠎ᠠ ᠪᠠᠯᠴᠢᠷ ᠡᠴᠠ ᠨᠢ ᠦᠵᠡᠵᠤ ᠶᠠᠪᠣᠭᠰᠠᠨ ᠠᠢ᠌ᠯ ᠤᠨ ᠬᠢᠨᠢ ᠨᠢᠰᠤᠬᠠᠢ ᠭᠦᠤ ᠭᠡᠳᠤᠨ ᠵᠢᠯ ᠦᠭᠡᠶ ᠪᠣᠯᠵᠤ᠂ ᠣᠳᠤ ᠭᠡᠨᠡᠳᠲᠡ ᠭᠠᠵᠠᠷ ᠳᠤᠤᠷ᠎ᠠ ᠡᠴᠠ ᠭᠠᠷᠤᠭᠠᠤᠨ ᠢᠷᠠᠪᠠ ᠭᠡᠮᠡᠷ ᠴᠤᠴᠢᠮᠠᠭ ᠢᠷᠡᠭᠦ ᠳᠤ ᠪᠠᠶᠠᠷᠯᠠᠪᠠ ᠭᠡᠭᠦ ᠡᠴᠡ ᠪᠠᠰᠠ ᠢᠯᠡᠭᠦᠤ ᠣᠶᠠᠷᠠᠯᠳᠠᠢ ᠪᠠᠢ᠌ᠯ᠎ᠠ᠃ ᠶᠠᠭᠤ ᠴᠤ ᠭᠡᠰᠡᠨ ᠴᠠᠭ᠎ᠠ ᠪᠠᠨ ᠶᠡᠭᠡ ᠣᠶᠠᠷᠠᠵᠤ ᠪᠠᠢ᠌ᠬᠤ ᠰᠢᠭ ᠶᠤᠮ᠃
ᠡᠮᠡᠭᠡᠨ ᠢᠩᠭᠢᠵᠤ ᠭᠦᠯ ᠠᠯᠳᠠᠵᠤ ᠪᠠᠢ᠌ᠬᠤ ᠳᠤ ᠬᠣᠢ᠌ᠮᠤᠷ ᠳᠠᠭᠢ ᠴᠠᠭᠠᠨ ᠳᠤᠯᠤᠭᠠᠢ ᠲᠡᠶ ᠭᠦᠮᠤᠨ ᠭᠦᠭᠡᠷᠡᠨ ᠬᠠᠨᠢᠶᠠᠵᠤ ᠬᠠᠨᠢᠶᠠᠳᠤᠨ ᠳᠠᠭᠠᠨ ᠰᠠᠷᠠᠵᠤ ᠨᠠᠭᠠᠷᠤ ᠡᠷᠭᠢᠵᠤ ᠨᠢᠳᠤ ᠨᠢ ᠨᠠᠳᠠ ᠳᠤᠰᠤᠭᠠᠤᠨ ᠮᠡᠯᠡᠷᠡᠰᠭᠢᠭᠡᠳ ᠡᠮᠡᠭᠡᠨ ᠶᠢᠡᠨ ᠰᠢᠷᠳᠠᠯ᠎ᠠ᠃
᠊᠊᠊᠊᠊᠊᠊᠊᠊᠊᠊᠊᠊᠊᠊ ᠰᠢᠷᠢᠪ ᠤᠨ ᠭᠦᠪᠠᠭᠦᠨ ᠢᠷᠠᠵᠠᠢ᠃ ᠣᠩᠰᠢᠯᠭᠠᠨ ᠳᠤ ᠶᠠᠪᠣᠭᠰᠠᠨ ᠭᠦᠭᠡ ᠬᠠᠯᠳᠠᠷ ᠨᠢ ︕
᠊᠊᠊᠊᠊᠊᠊᠊᠊᠊᠊᠊᠊᠊᠊ ᠠᠮᠤᠷ ᠰᠠᠢ᠌ᠨ ᠪᠠᠢ᠌ᠨ᠎ᠠ ᠦᠦ ᠳᠠ ︖
᠊᠊᠊᠊᠊᠊᠊᠊᠊᠊᠊᠊᠊᠊᠊ ᠣ ᠁ ᠪᠠᠢ᠌ᠨ᠎ᠠ᠃ ᠶᠤᠬᠤ᠃ ᠭᠦᠪᠠᠭᠦᠨ ᠮᠢᠨᠢ ᠰᠠᠢ᠌ᠨ ᠢᠷᠠᠪᠠ ᠦᠦ ᠴᠢ ︖ ᠶᠤ᠋ ᠶᠤᠬᠤ ᠁
ᠨᠢᠮᠨᠢᠷ ᠡᠪᠦᠭᠡᠨ ᠠᠷᠠᠢ ᠦᠨᠳᠠᠢ᠌ᠵᠤ ᠰᠠᠭᠤᠯ᠎ᠠ᠃ ᠳᠠᠨᠢᠭᠳᠠᠮᠠᠷ ᠪᠢᠰᠢ ᠪᠣᠯᠵᠠᠢ᠃ ᠣᠷᠢᠳᠤᠭᠢ ᠲᠦᠰᠢ ᠮᠠᠩᠨᠠᠢ ᠲᠡᠶ ᠰᠢᠷᠦᠭᠦᠪᠳᠦᠷ ᠬᠠᠷᠠᠴᠠ ᠲᠡᠶ᠂ ᠰᠢᠨ᠎ᠠ ᠶᠢᠨ ᠬᠢᠨᠢ ᠰᠤᠳᠠᠰᠤᠨ ᠦᠷᠭᠦᠯᠵᠢ ᠭᠦᠷᠡᠢ᠌ᠵᠤ ᠪᠠᠢ᠌ᠳᠠᠭ ᠳᠠᠷᠠ ᠪᠣᠵᠢᠨ ᠪᠣᠷᠤᠳᠤ ᠭᠡᠭᠦ ᠳᠤ ᠢᠳᠡᠭᠡᠮᠡᠷ ᠪᠢᠰᠢ᠃ ᠨᠢᠳᠤ ᠨᠢ ᠣᠩᠭ᠋ᠣᠢ᠌ᠵᠤ ᠰᠢᠨ᠎ᠠ ᠨᠢ ᠬᠠᠪᠴᠢ᠌ᠵᠤ ᠣᠷᠤᠭᠤᠯ ᠨᠢ ᠡᠮᠰᠡᠢ᠌ᠵᠤ ᠳᠤᠯᠤᠭᠠᠢ ᠨᠢ ᠡᠪ ᠦᠭᠡᠶ ᠪᠢᠴᠢᠬᠠᠨ ᠪᠣᠯᠤᠭᠰᠠᠨ ᠰᠢᠭ ᠥᠵᠡᠭ᠍ᠳᠡᠯ᠎ᠡ᠃
ᠪᠣᠵᠢᠨ ᠪᠣᠷᠤᠳᠤ ᠭᠦᠡᠳᠤ ᠡᠪᠡᠳᠴᠢᠨ ᠳᠤ ᠣᠳᠠᠭᠠᠨ ᠳᠠᠷᠤᠭᠳᠠᠨ ᠵᠤᠪᠠᠭᠰᠠᠨ ᠨᠢ ᠢᠯᠡᠷᠭᠡᠢ ᠪᠠᠢ᠌ᠯ᠎ᠠ᠃
ᠴᠠᠢ ᠣᠤᠭᠤᠬᠤ ᠦᠶ᠎ᠡ ᠳᠤ ᠡᠮᠡᠭᠡᠨ ᠪᠠᠷᠠᠭᠤᠨ ᠪᠠᠶ᠎ᠠ ᠳᠤ 《ᠭᠦᠷᠵᠢᠭᠢᠨᠡᠵᠤ》 ᠪᠠᠢ᠌ᠬᠤ ᠪᠦᠳᠦᠭᠦᠨ ᠬᠠᠷ᠎ᠠ ᠡᠷ᠎ᠡ ᠶᠢ ᠰᠡᠷᠡᠭᠦᠯᠭᠦ ᠭᠡᠭᠦᠯ᠎ᠡ ᠨᠢᠮᠨᠢᠷ ᠡᠪᠦᠭᠡᠨ᠄
᠊᠊᠊᠊᠊᠊᠊᠊᠊᠊᠊᠊᠊᠊᠊ ᠴᠠᠢ ᠣᠤᠭᠤᠬᠤ ᠪᠠᠷ ᠴᠢᠰᠤ ᠪᠠᠨ ᠣᠤᠭᠤᠭ ᠤᠢ᠌ᠷᠠᠭᠢ ᠴᠢᠨᠢ ︕ ᠭᠡᠵᠤ ᠡᠮᠡᠭᠡᠨ ᠶᠢᠡᠨ ᠢᠭ᠍ᠵᠢᠷᠡᠨ ᠵᠤᠭᠰᠤᠭᠠᠴᠢᠬᠠᠯᠠ᠃
ᠨᠠᠳᠠ ᠡᠨᠡ ᠠᠢ᠌ᠯ ᠡᠴᠠ ᠣᠢ᠌ᠯᠭᠠᠬᠤ ᠵᠦᠪᠳᠠᠢ ᠵᠣᠢ᠌ᠯ ᠣᠯᠠᠨ ᠪᠠᠢ᠌ᠬᠤ ᠰᠢᠭ ᠪᠣᠳᠤᠭᠳᠠᠯ᠎ᠠ᠃ ᠵᠤᠳᠤᠪ ᠭᠤᠸᠠᠢ ᠶᠢᠨ ᠭᠡᠯᠡᠭ᠍ᠰᠡᠨ 《ᠦᠨᠡᠨ ᠮᠦᠨ ᠶᠢᠡᠷ ᠨᠢ ᠪᠢᠴᠢ》 ᠭᠡᠭᠦ ᠥᠭᠡ ᠣᠴᠢᠷ ᠲᠡᠶ ᠪᠠᠢ᠌ᠮᠠᠷ᠃ ᠢᠯᠠᠩᠭ᠋ᠤᠶ᠎ᠠ ᠱᠢᠷᠤ ᠶᠠᠭᠠᠭᠢᠭᠰᠠᠨ ᠢ ᠮᠠᠳᠠᠮᠠᠷ ᠰᠠᠨᠠᠭᠳᠠᠯ᠎ᠠ᠃ ᠭᠡᠪᠠᠴᠤ ᠭᠦᠮᠤᠨ ᠤ ᠭᠠᠭᠴᠠ ᠨᠤᠶᠠᠬᠠᠨ ᠢ ᠠᠪᠣ ᠡᠵᠢ ᠡᠴᠡ ᠨᠢ ᠠᠯᠢ ᠨᠢᠭᠤᠷ ᠶᠢᠡᠷ ᠶᠢᠡᠨ ᠰᠤᠷᠠᠬᠤ ᠪᠢᠯᠠ᠃
ᠪᠢ᠄ 《ᠠᠪᠣ ᠳᠠᠨ ᠢ ᠪᠢ ᠰᠤᠷᠪᠣᠯᠵᠢᠯᠠᠬᠤ ᠪᠠᠷ ᠢᠷᠠᠯ᠎ᠠ》 ᠭᠡᠭᠦᠯ᠎ᠡ ᠡᠪᠦᠭᠡᠨ ᠨᠠᠮᠢ᠋ᠢ ᠬᠠᠯᠢᠶᠠᠵᠤ᠄
᠊᠊᠊᠊᠊᠊᠊᠊᠊᠊᠊᠊᠊᠊ ᠭᠦᠪᠠᠭᠦᠨ ᠮᠢᠨᠢ ᠰᠤᠷᠪᠣᠯᠵᠢᠯᠠᠭᠴᠢ ᠪᠣᠯᠪᠠ ᠦᠦ ᠴᠢ ︖ ᠬᠠᠪᠣᠷ ᠨᠢᠭᠡ ᠳᠦᠷᠪᠠᠨ ᠨᠢᠳᠤ ᠲᠡᠶ ᠭᠡᠦᠭᠡᠨ ᠢᠷᠡᠭᠡᠳ ᠨᠠᠮᠢ᠋ᠢ ᠰᠢᠬᠠᠭᠠᠤᠨ ᠳᠠᠯᠠᠢ ᠶᠠᠭᠤᠮ᠎ᠠ ᠰᠤᠷᠠᠵᠤ ᠰᠤᠷᠠᠵᠤ ᠶᠠᠪᠣᠯ᠎ᠠ᠃ ᠰᠤᠷᠪᠣᠯᠵᠢᠯᠠᠭᠴᠢ ᠭᠡᠳᠡᠭ᠌ ᠳᠠᠢ᠌ᠮᠤ ᠪᠣᠯᠳᠠᠭ ᠵᠢᠭᠢ᠃ ᠴᠠᠢ ᠭᠢ ᠡᠮᠡᠭᠡᠨ ︕ ᠬᠠᠷ᠎ᠠ ᠣᠰᠤ ᠣᠤᠭᠤᠭᠠᠤᠨ ᠪᠠᠢ᠌ᠨ᠎ᠠ ᠭᠡᠳᠡᠭ᠌ ᠳᠠᠮᠤ ᠶᠢᠨ ᠠᠶᠤᠯ ᠵᠢᠭᠢ ᠭᠡᠳ ᠭᠠᠵᠠᠷ ᠰᠢᠷᠳᠠᠨ ᠪᠣᠳᠤᠯ ᠪᠣᠯᠪᠠ᠃
᠊᠊᠊᠊᠊᠊᠊᠊᠊᠊᠊᠊᠊᠊᠊ ᠶᠧ ᠠᠪᠣ᠃ ᠪᠢ ᠳᠠᠢ᠌ᠮᠤ ᠠᠯᠪᠠ ᠠᠪᠣᠭᠠᠤᠨ ᠨᠢᠭᠡ ᠰᠠᠷ᠎ᠠ ᠪᠣᠯᠵᠤ ᠪᠠᠢ᠌ᠨ᠎ᠠ ᠪᠢ᠃ ᠨᠢᠭᠡᠳᠦᠭ᠍ᠴᠢ ᠰᠠᠭᠠᠮ᠎ᠠ ᠰᠤᠷᠪᠣᠯᠵᠢᠯᠠᠭᠴᠢ ᠶᠢᠨ ᠠᠯᠪᠠ ᠬᠠᠭᠠᠵᠤ ᠶᠠᠪᠣᠬᠤ ᠮᠢᠨᠢ ᠡᠨᠡ᠃
᠊᠊᠊᠊᠊᠊᠊᠊᠊᠊᠊᠊᠊᠊ ᠭᠡᠯᠡᠭᠦ ᠡᠴᠡ ᠨᠠᠮ ᠵᠠᠰᠠᠭ ᠤᠨ ᠠᠪᠣᠷᠠᠯ ᠳᠤ ᠰᠠᠢ᠌ᠬᠠᠨ ᠠᠮᠢᠳᠤᠷᠠᠵᠤ ᠯᠠ ᠪᠠᠢ᠌ᠨ᠎ᠠ ᠪᠢᠳᠠᠨ᠃ ᠣᠳᠠᠭᠠᠨ ᠵᠢᠯ ᠤᠨ ᠮᠠᠯᠴᠢᠨ ᠭᠡᠳ ᠨᠠᠮ ᠵᠠᠰᠠᠭ ᠦᠷᠤᠰᠢᠶᠠᠵᠤ ᠯᠠ ᠪᠠᠢ᠌ᠨ᠎ᠠ᠃ ᠴᠠᠢ ᠣᠤᠭᠤ ᠭᠦᠪᠠᠭᠦᠨ ᠮᠢᠨᠢ ᠁ ᠵᠤᠭ ᠠᠪᠣ ᠨᠢ ᠪᠣᠯᠬᠤ ᠪᠠᠨ ᠣᠭᠤᠷᠪᠠ᠃ ᠣᠷᠢᠳᠤᠭᠢ ᠪᠣᠵᠢᠨ ᠪᠣᠷᠤᠳᠤ ᠬᠠᠮᠢᠭ᠎ᠠ ᠁ ᠭᠦᠮᠤᠨ ᠤ ᠭᠠᠷ ᠲᠤ ᠣᠷᠤᠨ᠎ᠠ ᠭᠡᠳᠡᠭ᠌ ᠳᠠᠮᠤ ᠶᠢᠨ ᠠᠶᠤᠯ ᠵᠢᠭᠢ᠃ ᠬᠠᠪᠣᠷ ᠡᠴᠠ ᠨᠠᠭᠠᠷᠤ ᠨᠢᠭᠡ ᠶᠠᠭᠤᠮᠠᠨ ᠬᠠᠨᠢᠰᠠᠵᠤ ᠠᠪᠣᠭᠠᠤᠨ ᠭᠡᠳᠦᠯᠭᠦ ᠪᠠᠨ ᠣᠭᠤᠷᠪᠠ᠃ ᠰᠤᠮᠤᠨ ᠤ ᠡᠮᠴᠢ ᠨᠡᠷ ᠡᠮᠨᠡᠭ᠍ᠰᠡᠨ ᠪᠣᠯᠵᠤ ᠪᠠᠢ᠌ᠯ᠎ᠠ᠂ ᠠᠳᠠᠭ ᠲᠠᠭᠠᠨ ᠴᠥᠭᠦᠷᠡᠪᠡ ᠭᠡᠵᠤ ᠳᠠᠯᠠᠢ ᠶᠠᠭᠤᠮ᠎ᠠ ᠭᠡᠯᠡᠭᠦ ᠭᠡᠰᠡᠨ ᠰᠢᠭ᠌ ᠳᠤᠤᠷ᠎ᠠ ᠳᠠᠭᠤ ᠪᠠᠷ ᠶᠠᠷᠢᠵᠤ ᠡᠭᠢᠯᠡᠭ᠍ᠰᠡᠨ ᠶᠢᠡᠨ ᠳᠤᠭᠤᠢ ᠪᠣᠯᠵᠤ ᠣᠳᠤᠯ᠎ᠠ᠃ ᠪᠠᠢ᠌ᠰᠭᠢᠭᠡᠳ ᠠᠷᠤᠳᠠ ᠠᠷᠤᠳᠠ ᠡᠴᠠ ᠨᠢ ᠭᠡᠳᠤ ᠬᠠᠨᠢᠶᠠᠵᠤ ᠠᠪᠣᠭᠠᠤᠨ᠄
᠊᠊᠊᠊᠊᠊᠊᠊᠊᠊᠊᠊᠊᠊᠊ ᠭᠦᠪᠠᠭᠦᠨ ᠮᠢᠨᠢ᠂ ᠰᠤᠷᠠᠳᠠᠭ ᠶᠠᠭᠤᠮᠠᠨ ᠴᠢᠨᠢ ᠪᠠᠢ᠌ᠬᠤᠯ᠎ᠠ ᠰᠤᠷᠠ᠂ ᠠᠪᠣ ᠨᠢ ᠭᠡᠯᠡᠵᠤ ᠦᠭᠭᠦᠶ᠎ᠡ ᠭᠡᠪᠡ᠃
᠊᠊᠊᠊᠊᠊᠊᠊᠊᠊᠊᠊᠊᠊᠊ ᠠᠪᠣ᠂ ᠪᠢ ᠳᠠᠨ ᠡᠴᠠ ᠶᠠᠭᠤᠮ᠎ᠠ ᠰᠤᠷᠠᠬᠤ ᠦᠭᠡᠶ᠃ ᠪᠢ ᠳᠠᠷᠠ ᠳᠦᠷᠪᠠᠨ ᠨᠢᠳᠤ ᠲᠡᠶ ᠭᠡᠦᠭᠡᠨ ᠯᠦᠭᠡ ᠶᠠᠭᠠᠭᠢᠵᠤ ᠠᠳᠠᠯᠢ ᠪᠣᠯᠬᠤ ᠪᠣᠢ ⁈ ᠭᠠᠷ ᠳᠡᠭᠡᠷ᠎ᠡ ᠳᠠᠨᠢ ᠥᠰᠦᠭ᠍ᠰᠡᠨ᠂ ᠠᠢ᠌ᠯ ᠤᠨ ᠳᠠᠨᠢ ᠭᠦᠪᠠᠭᠦᠨ᠃ ᠳᠠ ᠨᠠᠮᠢ᠋ᠢ ᠳᠠᠭᠠᠷᠠᠭᠤᠯᠬᠤᠯᠠ ᠭᠡᠯᠡᠶ᠎ᠡ ᠭᠡᠰᠡᠨ ᠶᠢᠡᠨ ᠪᠦᠷ ᠭᠡᠯᠡᠵᠤ ᠪᠣᠯᠤᠨ᠎ᠠ᠃
᠊᠊᠊᠊᠊᠊᠊᠊᠊᠊᠊᠊᠊᠊ ᠠᠢ᠃ ᠨᠠᠳᠠ ᠲᠦᠮᠡᠨ ᠳᠦᠭᠦᠷᠢᠭ᠌ ᠡᠴᠡ ᠣᠠᠳᠤᠤ ᠶᠠᠭᠤ ᠴᠤ ᠦᠭᠡᠶ ᠭᠡᠳᠡᠭ᠌ ᠢ ᠣᠳᠤ ᠮᠠᠳᠠᠵᠤ ᠪᠠᠢ᠌ᠨ᠎ᠠ ᠪᠢ᠃ ᠴᠢᠮ᠎ᠠ ᠳᠤ ᠭᠡᠯᠡᠮᠡᠷ ᠶᠠᠭᠤᠮᠠᠨ ᠳᠠᠯᠠᠢ᠃ ᠭᠡᠯᠡᠵᠤ ᠴᠤ ᠳᠤᠰᠠ ᠦᠭᠡᠶ᠃ ᠰᠤᠨᠤᠰᠤᠭᠠᠤᠨ ᠴᠤ ᠳᠤᠰᠠ ᠦᠭᠡᠶ ᠭᠡᠷᠡᠭ᠌ ᠭᠡᠵᠤ ᠭᠡᠯᠡᠭᠡᠳ ᠳᠠᠷᠠ ᠳᠤᠤᠷ᠎ᠠ ᠡᠴᠠ ᠪᠠᠨ ᠨᠠᠰᠤᠮ᠎ᠠ ᠪᠠᠨ ᠠᠪᠣᠯ᠎ᠠ᠃ ᠳᠠᠷᠠ ᠨᠠᠰᠤᠮ᠎ᠠ ᠪᠠᠨ ᠳᠠᠳᠠᠵᠤ ᠠᠪᠣᠭᠠᠤᠨ ᠣᠷᠤᠨ ᠳᠠᠭᠠᠨ ᠣᠷᠤᠵᠤ ᠭᠡᠴᠡᠢ᠌ᠯᠳᠡᠵᠤ ᠪᠢ ᠨᠢᠭᠡ ᠱᠠᠭᠠᠵᠠᠩ ᠴᠠᠢ ᠣᠤᠭᠤᠳᠠᠯᠠ ᠳᠠᠭᠤ ᠱᠤᠤ ᠦᠭᠡᠶ ᠪᠣᠳᠤᠯ ᠪᠣᠯᠤᠨ ᠭᠡᠪᠳᠡᠯ᠎ᠡ᠃ ᠡᠨᠡ ᠦᠶ᠎ᠡ ᠳᠤ ᠪᠢ ᠡᠨᠡ ᠠᠢ᠌ᠯ ᠤᠨ ᠳᠤᠬᠠᠢ᠂ ᠪᠣᠵᠢᠨ ᠪᠣᠷᠤᠳᠤ ᠶᠢᠨ ᠴᠡᠭᠡᠵᠢ ᠶᠢᠨ ᠮᠢᠬ᠎ᠠ ᠶᠢ ᠢᠳᠠᠵᠤ ᠪᠠᠢ᠌ᠬᠤ ᠵᠣᠢ᠌ᠯ ᠢ ᠮᠡᠳᠡᠭᠦ ᠳᠤᠷᠠᠨ ᠣᠯᠠᠮ ᠭᠦᠷᠦᠯ᠎ᠡ᠃ ᠲᠦᠮᠡᠨ ᠳᠦᠭᠦᠷᠢᠭ᠌ ᠲᠡᠶ ᠪᠠᠶᠠᠨ ᠡᠪᠦᠭᠡᠨ ᠤ ᠰᠡᠳᠭᠢᠯ ᠢ ᠶᠠᠭᠤᠨ ᠢᠩᠭᠢᠳᠠᠯ᠎ᠠ ᠵᠤᠪᠠᠭᠠᠵᠤ ᠪᠠᠢ᠌ᠬᠤ ᠪᠣᠯᠪᠠ ︖
ᠪᠢ ᠳᠠᠭᠤ ᠦᠭᠡᠶ ᠳᠤᠮᠪᠣᠢ᠌ᠬᠤ ᠡᠪ ᠦᠭᠡᠶ ᠪᠠᠢ᠌ᠳᠠᠯ ᠳᠤ ᠣᠷᠤᠭᠰᠠᠨ ᠡᠴᠠ ᠪᠣᠯᠵᠤ᠄
᠊᠊᠊᠊᠊᠊᠊᠊᠊᠊᠊᠊᠊᠊᠊ ᠡᠨᠡ ᠭᠡᠨ ᠪᠢᠯᠠ ︖ ᠭᠡᠵᠤ ᠣᠠᠳᠠᠵᠤ ᠪᠠᠢ᠌ᠬᠤ ᠪᠦᠳᠦᠭᠦᠨ ᠡᠷ᠎ᠡ ᠶᠢ ᠵᠢᠭᠠᠵᠤ ᠡᠮᠡᠭᠡᠨ ᠢ ᠠᠰᠠᠭᠤᠯ᠎ᠠ᠃
᠊᠊᠊᠊᠊᠊᠊᠊᠊᠊᠊᠊᠊᠊᠊ ᠭᠡᠨᠳᠡᠨ ᠭᠡᠵᠤ ᠬᠠᠷᠢᠭᠤᠯᠠᠭᠠᠤᠨ ᠡᠮᠡᠭᠡᠨ ᠰᠠᠨᠠᠭ᠎ᠠ ᠠᠯᠳᠠᠪᠠ᠃ ᠭᠡᠨᠳᠡᠨ ᠭᠡᠳᠡᠭ᠌ ᠨᠢ ᠨᠢᠮᠨᠢᠷ ᠤᠨ ᠣᠤᠭᠠᠨ ᠭᠦᠪᠠᠭᠦᠨ᠃ ᠬᠤᠨᠢᠨ ᠤ ᠵᠠᠬ᠎ᠠ ᠡᠴᠠ ᠰᠠᠯᠵᠤ ᠥᠵᠡᠭᠡᠳ ᠦᠭᠡᠶ᠂ ᠰᠤᠷᠭᠠᠭᠤᠯᠢ ᠶᠢᠨ ᠡᠭᠦᠳᠡᠨ ᠳᠤ ᠣᠳᠴᠤ ᠥᠵᠡᠭᠡᠳ ᠦᠭᠡᠶ᠃ ᠠᠢ᠌ᠯ ᠠᠢ᠌ᠮᠠᠭ ᠲᠠᠭᠠᠨ ᠣᠷᠤᠳᠠᠭ ᠦᠭᠡᠶ ᠪᠦᠷᠡᠭ᠌ ᠭᠦᠮᠤᠨ ᠪᠣᠯᠳᠠᠭ᠃
ᠡᠮᠡᠭᠡᠨ ᠰᠠᠨᠠᠭ᠎ᠠ ᠠᠯᠳᠠᠵᠤ ᠵᠤᠪᠠᠵᠤ ᠪᠠᠢ᠌ᠬᠤ ᠨᠢ ᠨᠠᠮᠢ᠋ᠢ ᠬᠠᠰᠢᠯᠳᠠᠭᠤᠯᠤᠨᠠ᠂ ᠪᠢ ᠠᠷᠭ᠎ᠠ ᠪᠠᠨ ᠪᠠᠷᠠᠬᠤ ᠳᠠᠭᠠᠨ᠄
᠊᠊᠊᠊᠊᠊᠊᠊᠊᠊᠊᠊᠊᠊ ᠭᠡᠨᠳᠡᠨ ᠠᠬ᠎ᠠ ᠶᠢᠨ ᠭᠢᠨ ᠬᠠᠮᠢᠭᠠᠭᠤᠷ ᠵᠤᠰᠠᠵᠤ ᠪᠠᠢ᠌ᠨ᠎ᠠ ︖ ᠭᠡᠵᠤ ᠥᠭᠡ ᠶᠢᠨ ᠣᠴᠢᠭ ᠶᠢᠡᠨ ᠬᠤᠪᠢᠷᠠᠭᠤᠯᠬᠤ ᠪᠣᠳᠤᠯ ᠲᠡᠶ ᠭᠡᠯᠡᠭᠦ ᠳᠤ ᠡᠮᠡᠭᠡᠨ᠂ ᠵᠠᠢ ᠦᠭᠡᠶ ᠬᠤᠨᠢᠶᠠᠰᠤᠳᠠᠢ ᠠᠯᠠᠭ᠎ᠠ ᠶᠢᠨ ᠴᠢᠨᠡᠭᠡᠨ ᠬᠠᠴᠠᠷ ᠳᠡᠭᠡᠭᠦᠷ ᠨᠢ ᠣᠷᠤᠰᠴᠤ ᠢᠷᠡᠭ᠍ᠰᠡᠨ ᠬᠠᠷ᠎ᠠ ᠨᠢᠯᠪᠣᠰᠤ ᠶᠢ ᠪᠠᠨ ᠠᠷᠴᠢᠨ ᠪᠠᠢ᠌ᠵᠤ᠄
᠊᠊᠊᠊᠊᠊᠊᠊᠊᠊᠊᠊᠊᠊᠊ ᠭᠡᠨᠳᠡᠨ ᠳᠤ ᠶᠠᠮᠠᠷ ᠭᠡᠷ ᠮᠠᠯ ᠪᠠᠢ᠌ᠳᠠᠭ ᠪᠢᠯᠠ᠃ ᠭᠡᠳᠤᠨ ᠠᠢ᠌ᠯ ᠳᠤ ᠥᠭᠡ ᠣᠷᠤᠭᠤᠯᠤᠭᠠᠤᠨ ᠪᠦᠷ ᠪᠦᠳᠦᠭ᠍ᠰᠡᠨ ᠦᠭᠡᠶ᠃ 《ᠨᠢᠮᠨᠢᠷ ᠤᠨ ᠬᠠᠷᠠᠩᠭ᠋ᠤᠢ ᠭᠦᠪᠠᠭᠦᠨ》 ᠭᠡᠳ ᠬᠠᠯᠭᠠᠬᠤ ᠦᠭᠡᠶ᠃ ᠭᠦᠪᠠᠭᠦᠨ ᠮᠢᠨᠢ ᠨᠤᠳᠤᠭ ᠤᠨ ᠭᠡᠯᠡᠨ ᠳᠤ ᠳᠠᠰᠴᠤ ᠶᠠᠳᠠᠭᠠᠤᠨ ᠭᠠᠰᠢᠭᠤ ᠳᠠᠭᠠᠨ ᠠᠷᠢᠭᠢ ᠳᠤ ᠣᠷᠤᠪᠠ᠃ ᠰᠤᠶᠤᠯ ᠦᠭᠡᠶ ᠳᠡᠭᠡᠷ᠎ᠡ ᠪᠠᠨ ᠠᠷᠢᠭᠢ ᠶᠢᠨ ᠰᠤᠭᠤᠭᠢᠤ ᠳᠤ ᠭᠡᠨ ᠤ ᠭᠡᠦᠭᠡᠨ ᠢᠷᠠᠨ᠎ᠠ ︖ ᠬᠠᠢ᠌ᠷᠠᠨ ᠭᠦᠪᠠᠭᠦᠨ ᠮᠢᠨᠢ᠃ ᠣᠷᠢᠳᠤ ᠶᠠᠮᠠᠷ ᠰᠠᠢ᠌ᠬᠠᠨ ᠠᠵᠢᠯᠴᠢ ᠨᠤᠮᠤᠬᠠᠨ ᠭᠦᠪᠠᠭᠦᠨ ᠪᠢᠯᠠ᠃ ᠣᠳᠤ ᠠᠵᠢᠯ ᠠᠮᠢᠳᠤᠷᠠᠯ ᠪᠢᠰᠢ ᠣᠨᠤᠭᠰᠠᠨ ᠮᠤᠷᠢᠨ ᠳᠠᠭᠠᠨ ᠪᠠᠰᠠ ᠡᠵᠡᠨ ᠪᠣᠯᠬᠤ ᠪᠠᠨ ᠣᠭᠤᠷᠪᠠ᠃ ᠶᠠᠭᠠᠭᠢᠨ᠎ᠠ ᠴᠠᠪᠠᠰᠤ᠃ ᠭᠡᠯᠡᠭᠦᠯ᠎ᠡ 《ᠳᠠᠳᠠᠨ ᠨᠠᠮᠢ᠋ᠢ ᠬᠤᠨᠢᠨ ᠤ ᠵᠠᠬ᠎ᠠ ᠳᠤ ᠴᠢᠳᠦᠷᠯᠡᠭᠡᠳ ᠭᠦᠮᠤᠨ ᠤ ᠠᠳᠠᠭ ᠨᠤᠬᠠᠢ ᠶᠢᠨ ᠭᠢᠴᠢᠭ᠌ ᠭᠢᠴᠢᠭᠡᠯ᠎ᠡ》 ᠭᠡᠳ ᠳᠠᠢ᠌ᠨ ᠪᠣᠯᠤᠨ᠎ᠠ᠃ ᠡᠨᠡ ᠡᠪᠦᠭᠡᠨ ᠯᠠ ᠮᠠᠯ ᠮᠠᠯ ᠭᠡᠵᠤ ᠪᠠᠢ᠌ᠭᠠᠤᠨ ᠠᠯᠳᠠᠨ ᠰᠢᠭ ᠭᠦᠪᠠᠭᠦᠨ ᠢ ᠮᠢᠨᠢ ᠠᠳᠠᠭ ᠤᠨ ᠠᠳᠠᠭ ᠪᠣᠯᠭᠠᠯ᠎ᠠ᠃ ᠴᠠᠪᠠᠰᠤ ︕ ᠳᠠᠨᠠᠷ ᠰᠢᠭ ᠭᠦᠪᠠᠭᠦᠤᠨ ᠢ ᠥᠵᠡᠭᠦᠯ᠎ᠡ ᠳᠤᠳᠤᠷ᠎ᠠ ᠮᠢᠨᠢ ᠡᠪᠳᠡᠷᠡᠭᠡᠳ ᠪᠠᠢ᠌ᠨ᠎ᠠ᠃ ᠮᠢᠨᠤ ᠭᠦᠪᠠᠭᠦᠨ ᠣᠩᠰᠢᠯᠭ᠎ᠠ ᠲᠡᠶ ᠨᠤᠮ ᠲᠡᠶ ᠪᠣᠯᠤᠭᠰᠠᠨ ᠪᠣᠯᠬᠤᠯ᠎ᠠ ᠪᠠᠰᠠ ᠢᠩᠭᠢᠭᠡᠳ ᠳᠡᠭᠦᠯᠢᠭᠡᠳ ᠳᠦᠷᠭᠢᠷᠡᠭᠡᠳ ᠶᠠᠪᠣᠳᠠᠭ ᠡᠰᠡ ᠪᠢᠯᠠ ᠦᠦ᠃
ᠣᠶᠠᠷᠠᠯᠳᠠᠢ ᠨᠢ ᠠᠷᠭ᠎ᠠ ᠦᠭᠡᠶ ᠣᠭᠢᠯᠠᠵᠤ ᠪᠠᠢ᠌ᠬᠤ ᠶᠢ ᠨᠢ ᠦᠵᠡᠵᠤ ᠰᠠᠭᠤᠬᠤ ᠳᠤ ᠭᠤᠤᠯ ᠡᠴᠠ ᠮᠢᠨᠢ ᠭᠦᠢᠳᠡᠨ ᠭᠦᠯᠦᠰᠤᠨ ᠭᠠᠷᠤᠯ᠎ᠠ᠃ ᠡᠭᠡ ᠭᠦᠮᠤᠨ ᠳᠤ ᠦᠷᠠᠨ ᠡᠴᠡ ᠢᠯᠡᠭᠦᠤ ᠨᠠᠠᠳᠢᠨ ᠡᠷᠳᠡᠨᠢ ᠶᠠᠭᠤᠨ ᠪᠢᠯᠠ ᠳ᠋ᠠ ︕
ᠨᠢᠮᠨᠢᠷ ᠡᠪᠦᠭᠡᠨ ᠡᠮᠡᠭᠡᠨ ᠤ ᠪᠠᠨ ᠥᠭᠡ ᠳᠤ ᠠᠭᠤᠷᠯᠠᠭᠰᠠᠨ ᠭᠡᠪᠳᠡᠢ᠄
᠊᠊᠊᠊᠊᠊᠊᠊᠊᠊᠊᠊᠊᠊ ᠭᠦᠭ᠍ᠰᠢᠨ ᠥᠯᠦᠭ᠍ᠴᠢᠨ ᠪᠣᠯᠤᠭ ᠣᠳᠤ ︕ ᠢᠷᠡᠭ᠍ᠰᠡᠨ ᠭᠡᠢ᠌ᠴᠢ ᠶᠢᠨ ᠴᠢᠭᠢᠨ ᠳᠤ ᠬᠤᠩᠬᠤ ᠣᠶᠠᠭᠠᠤᠨ ᠶᠠᠩᠰᠢᠭᠠᠤᠨ ᠶᠠᠮᠠᠷ ᠬᠠᠷ᠎ᠠ ᠱᠠᠷ ᠤᠳ ᠶᠢᠡᠨ ᠰᠤᠶᠤᠯ ᠲᠡᠶ ᠭᠢᠴᠢᠭᠡᠭᠦ ᠶᠤᠮ ᠪᠢᠰᠢ ᠴᠢ᠃ ᠴᠠᠭᠠᠳᠤᠭᠢ ᠴᠢᠰᠤ ᠪᠠᠨ ᠣᠤᠭᠤᠮᠠᠷ ᠴᠢᠨᠢ ᠰᠡᠷᠡᠭᠦᠯᠡ ᠪᠠᠰᠠ ᠳᠠᠢ᠌ᠨ ᠪᠣᠯᠤᠨ᠎ᠠ ᠭᠡᠵᠤ ᠳᠤᠤᠷ᠎ᠠ ᠳᠠᠭᠤ ᠪᠠᠷ ᠢᠭ᠍ᠵᠢᠷᠡᠵᠤ ᠦᠨᠳᠠᠢ᠌ᠨ ᠪᠣᠰᠤᠯ᠎ᠠ᠃ ᠨᠢᠮᠨᠢᠷ ᠡᠪᠦᠭᠡᠨ ᠤ ᠥᠭᠡ ᠭᠡᠳᠥᠢᠪᠠᠷ ᠡᠮᠡᠭᠡᠨ ᠶᠢᠡᠨ ᠳᠠᠭ ᠴᠢᠭ ᠭᠢᠵᠤ ᠴᠢᠳᠠᠭᠰᠠᠨ ᠪᠣᠯᠪᠠᠴᠤ ᠴᠢᠷᠠᠢ ᠨᠢ ᠡᠮᠡᠭᠡᠨ ᠡᠴᠡ ᠪᠠᠨ ᠳᠤᠯᠤᠭᠠᠨ ᠳᠤᠤᠷ᠎ᠠ ᠵᠤᠪᠠᠯᠠᠩ ᠲᠡᠶ ᠠᠳᠠᠬᠠᠯᠳᠠᠵᠤ ᠪᠠᠢ᠌ᠯ᠎ᠠ᠃
᠊᠊᠊᠊᠊᠊᠊᠊᠊᠊᠊᠊᠊᠊᠊ ᠠᠢ᠂ ᠭᠦᠪᠠᠭᠦᠨ ᠮᠢᠨᠢ᠂ ᠴᠢᠨᠤ ᠡᠴᠢᠭᠡ ᠪᠢᠳᠠ ᠬᠤᠶᠠᠷ ᠬᠠᠷ᠎ᠠ ᠪᠠᠭ᠎ᠠ ᠡᠴᠠ ᠪᠠᠨ ᠬᠠᠮᠳᠤ ᠦᠰᠦᠯ᠎ᠠ᠃ ᠦᠷᠠᠨ ᠠᠳᠠᠯᠢᠬᠠᠨ ᠭᠡᠳᠡᠭ᠌ ᠪᠣᠯᠪᠠᠴᠤ ᠣᠬᠠᠭ᠎ᠠ ᠨᠢ ᠠᠳᠠᠯᠢ ᠪᠢᠰᠢ ᠵᠢᠭᠢ᠃ ᠴᠢᠮ᠎ᠠ ᠡᠴᠠ ᠶᠠᠭᠤ ᠪᠠᠨ ᠨᠢᠭᠤᠨ᠎ᠠ᠃ ᠭᠠᠳᠠᠨᠠᠭᠢ ᠴᠢᠳᠤᠷ ᠲᠡᠶ ᠬᠤᠶᠠᠷ ᠮᠤᠷᠢ ᠶᠢ ᠦᠵᠡᠪᠠ ᠦᠦ ︖ ᠡᠳᠦᠷ ᠪᠦᠷᠢ ᠰᠠᠯᠠᠵᠤ ᠣᠨᠤᠭᠠᠤᠨ ᠠᠷᠢᠭᠢᠳᠠᠨ᠎ᠠ᠃ ᠬᠠᠷᠢᠵᠤ ᠢᠷᠡᠭᠦᠯ᠎ᠡ ᠪᠢᠳᠠᠨ ᠬᠤᠶᠠᠷ ᠲᠠᠭᠠᠨ ᠳᠠᠢ᠌ᠨ ᠪᠣᠯᠤᠨ᠎ᠠ᠃ ᠳᠠᠢ᠌ᠯᠠᠵᠤ ᠪᠣᠯᠤᠭᠠᠤᠨ ᠣᠠᠳᠠᠵᠤ ᠰᠡᠷᠡᠭᠡᠳ ᠪᠠᠢ᠌ᠭᠰᠠᠨ ᠢ ᠢᠳᠠᠵᠤ ᠠᠪᠣᠭᠠᠤᠨ ᠪᠠᠰᠠ ᠠᠷᠢᠭᠢᠳᠠᠨ᠎ᠠ᠃ ᠡᠳᠡᠨ ᠳᠤᠳᠤᠷ᠎ᠠ ᠠᠮᠢᠳᠤ ᠶᠠᠪᠣᠬᠤ ᠨᠠᠳᠠ ᠭᠡᠴᠡᠭᠦᠤ ᠪᠣᠯᠪᠠ᠃
ᠪᠠᠢ᠌ᠰᠭᠢᠭᠡᠳ ᠡᠪᠦᠭᠡᠨ᠄
᠊᠊᠊᠊᠊᠊᠊᠊᠊᠊᠊᠊᠊᠊ ᠡᠮᠡᠭᠡᠨ ᠣᠳᠤᠭᠢ ᠶᠠᠭᠤᠮ᠎ᠠ ᠠᠪᠣᠭᠠᠤᠨ ᠢᠷ᠎ᠠ᠂ ᠥᠭᠦᠭᠦ ᠡᠴᠡ ᠪᠠᠨ ᠡᠮᠤᠨ᠎ᠡ ᠰᠠᠷᠠᠯ ᠲᠡᠶ ᠰᠤᠶᠤᠯ ᠲᠡᠶ ᠡᠨᠡ ᠭᠦᠪᠠᠭᠦᠨ ᠳᠤ ᠥᠵᠡᠭᠦᠯᠵᠤ ᠣᠷᠭᠢᠶ᠎ᠠ᠃ ᠬᠣᠢ᠌ᠨ᠎ᠠ ᠨᠢ ᠭᠡᠷᠡᠴᠢ ᠪᠣᠯᠤᠭ ᠭᠡᠪᠡ᠃
ᠡᠮᠡᠭᠡᠨ ᠪᠣᠰᠴᠤ ᠥᠭᠡᠭ᠌ ᠳᠤᠳᠤᠷ᠎ᠠ ᠡᠴᠠ ᠪᠠᠨ ᠪᠢᠴᠢᠬᠠᠨ ᠮᠤᠳᠤᠨ ᠬᠠᠢ᠌ᠷᠴᠠᠭ ᠭᠠᠷᠭᠠᠵᠤ ᠴᠤᠤᠵᠢ ᠶᠢ ᠨᠢ ᠰᠡᠭᠦᠭᠡᠳ ᠬᠠᠭᠤᠴᠢᠨ ᠰᠤᠳᠤᠷ ᠤᠨ ᠬᠤᠪᠴᠠᠰᠤ ᠪᠠᠷ ᠣᠷᠢᠶᠠᠭᠰᠠᠨ ᠨᠢᠭᠡ ᠪᠠᠭᠯᠠᠭ᠎ᠠ ᠶᠠᠭᠤᠮ᠎ᠠ ᠠᠪᠴᠤ ᠢᠷᠡᠭᠡᠳ ᠪᠠᠭᠯᠠᠭ᠎ᠠ ᠶᠢ ᠨᠢ ᠳᠠᠢ᠌ᠯᠬᠤ ᠳᠤ ᠳᠦᠭᠦᠷᠡᠩ ᠴᠠᠭᠠᠰᠤᠨ ᠪᠠᠢ᠌ᠯ᠎ᠠ᠃ ᠬᠠᠮᠤᠭ ᠤᠨ ᠳᠡᠭᠡᠷᠡᠭᠢ ᠡᠪᠭᠢᠶᠡᠷᠢ ᠪᠠᠷ ᠶᠢᠡᠨ ᠰᠡᠮᠡᠷᠡᠭ᠍ᠰᠡᠨ ᠴᠠᠭᠠᠰᠤ ᠶᠢ ᠡᠮᠡᠭᠡᠨ ᠠᠪᠣᠭᠠᠤᠨ ᠡᠪᠦᠷᠯᠡᠵᠤ ᠣᠷᠭᠢᠭᠠᠤᠨ ᠡᠪᠦᠭᠡᠨ ᠶᠢᠡᠨ ᠬᠠᠯᠢᠶᠠᠯᠠ᠃ ᠡᠪᠦᠭᠡᠨ ᠳᠤᠷᠠᠩᠬᠠᠢ ᠭᠠᠷ ᠶᠢᠡᠨ ᠴᠡᠴᠡᠷᠡᠭᠦᠯᠦᠭ᠍ᠰᠡᠭᠡᠷ ᠣᠯᠠᠨ ᠴᠠᠭᠠᠰᠤ ᠶᠢ ᠳᠡᠯᠭᠡᠵᠤ ᠡᠭᠢᠯᠡᠯ᠎ᠡ᠃ ᠡᠮᠦᠨᠡᠭᠢ ᠨᠢ ᠰᠢᠷᠠᠯᠠᠵᠤ ᠡᠭᠢᠯᠡᠭ᠍ᠰᠡᠨ ᠱᠠᠩᠨᠠᠯ ᠤᠨ ᠣᠯᠠᠨ ᠴᠠᠭᠠᠰᠤᠨ ᠪᠠᠢ᠌ᠯ᠎ᠠ᠃
ᠲ᠋ᠤᠳᠤᠷ᠎ᠠ ᠨᠢ ᠱᠢᠷᠤ ᠶᠢᠨ ᠣᠩᠰᠢᠵᠤ ᠪᠠᠢ᠌ᠬᠤ ᠳᠠᠭᠠᠨ ᠠᠪᠣᠭᠰᠠᠨ ᠱᠠᠩᠨᠠᠯ ᠤᠨ ᠪᠢᠴᠢᠬᠠᠨ ᠪᠢᠴᠢᠬᠠᠨ ᠴᠠᠭᠠᠰᠤ ᠨᠤᠭᠤᠳ ᠥᠵᠡᠭ᠍ᠳᠡᠭᠡᠳ ᠰᠡᠳᠭᠢᠯ ᠢ ᠮᠢᠨᠢ ᠮᠠᠭᠠᠵᠢᠰᠭᠢᠪᠠ᠃
ᠬᠠᠮᠤᠭ ᠤᠨ ᠬᠠᠭᠤᠴᠢᠨ ᠨᠢ ᠳᠠᠪᠢᠨ ᠭᠡᠳᠦᠳᠦᠭᠡᠷ ᠵᠢᠯ ᠬᠤᠷᠰᠢᠶᠠᠨ ᠤ ᠴᠠᠭ ᠲᠤ ᠳᠤᠰᠤᠨ ᠪᠠᠷ ᠶᠢᠡᠷ ᠳᠠᠷᠤᠮᠠᠯᠯᠠᠭᠰᠠᠨ ᠱᠠᠩᠨᠠᠯ ᠤᠨ ᠴᠠᠭᠠᠰᠤᠨ ᠪᠠᠢ᠌ᠯ᠎ᠠ᠃ ᠬᠠᠮᠤᠭ ᠤᠨ ᠰᠢᠨ᠎ᠡ ᠨᠢ ᠠᠷᠪᠠᠨ ᠭᠡᠳᠤᠨ ᠡᠳᠦᠷ ᠤᠨ ᠡᠮᠤᠨ᠎ᠡ ᠪᠢᠴᠢᠭ᠍ᠰᠡᠨ 《ᠲᠦᠮᠡᠨ ᠳᠦᠭᠦᠷᠢᠭᠲᠤ ᠪᠠᠶᠠᠨ ᠡᠷᠦᠭᠡ ᠨᠢᠮᠨᠢᠷ ᠲᠤ᠁》 ᠭᠡᠰᠡᠨ ᠠᠯᠳᠠᠨ ᠪᠢᠴᠢᠭᠡᠰᠦᠳᠡᠢ ᠰᠢᠶᠠᠨ ᠤ ᠠᠷᠠᠤᠨ ᠤᠨ ᠵᠠᠰᠠᠭ ᠤᠨ ᠣᠷᠳᠤᠨ ᠤ ᠳᠠᠮᠠᠭ᠎ᠠ ᠲᠡᠶ ᠱᠠᠩᠨᠠᠯ ᠤᠨ ᠴᠠᠭᠠᠰᠤᠨ ᠪᠠᠢ᠌ᠯ᠎ᠠ᠃
ᠨᠢᠮᠨᠢᠷ ᠡᠪᠦᠭᠡᠨ ᠱᠠᠩᠨᠠᠯ ᠤᠳ ᠶᠢᠡᠨ ᠨᠢᠭᠡ ᠨᠢᠭᠡ ᠪᠠᠷ ᠳᠠᠨᠢᠯᠴᠠᠭᠤᠯᠬᠤ ᠳᠤ ᠴᠢᠷᠠᠢ ᠳ᠋ᠤᠨᠢ ᠪᠠᠬᠠᠳᠤᠭᠰᠠᠨ ᠣᠮᠤᠭᠰᠢᠭᠰᠠᠨ ᠪᠠᠢ᠌ᠳᠠᠯ ᠢᠯᠠᠷᠠᠵᠤ ᠪᠠᠢ᠌ᠯ᠎ᠠ᠃ ᠨᠠᠢ᠌ᠳᠠ 32 ᠱᠠᠩᠨᠠᠯ ᠤᠨ ᠴᠠᠭᠠᠰᠤᠨ ᠪᠠᠢ᠌ᠯ᠎ᠠ᠃
ᠲ᠋ᠠᠷᠠᠭ᠎ᠠ ᠨᠢ ᠪᠠᠩᠭᠢ ᠶᠢᠨ ᠬᠠᠳᠠᠭᠠᠯᠠᠮᠵᠢ ᠶᠢᠨ ᠴᠸᠺ (ᠳᠠᠰᠤᠯᠪᠣᠷᠢ) ᠭᠤᠷᠪᠠ ᠶᠢ ᠭᠠᠷᠭᠠᠵᠤ᠄
᠊᠊᠊᠊᠊᠊᠊᠊᠊᠊᠊᠊᠊᠊᠊ ᠱᠠᠩᠨᠠᠯ ᠤᠳ ᠮᠢᠨᠤ ᠭᠦᠴᠤ ᠭᠦᠯᠦᠰᠤᠨ᠃ ᠨᠠᠮ ᠵᠠᠰᠠᠭ ᠮᠢᠨᠢ ᠨᠠᠮᠢ᠋ᠢ ᠮᠠᠭᠤ ᠬᠤᠨᠢᠴᠢ ᠭᠡᠵᠤ ᠮᠠᠷᠳᠠᠭᠰᠠᠨ ᠦᠭᠡᠶ᠃ ᠦᠷᠤᠰᠢᠶᠠᠵᠤ ᠢᠷᠠᠪᠠ᠃ ᠡᠨᠡ ᠭᠤᠷᠪᠠᠨ ᠴᠠᠭᠠᠰᠤᠨ ᠲᠦᠮᠡᠨ ᠭᠡᠳᠤᠨ ᠵᠠᠭᠤᠨ ᠳᠦᠭᠦᠷᠢᠭ᠌ ᠤᠨ ᠳᠡᠮᠳᠡᠭ᠌ ᠭᠡᠵᠤ ᠭᠡᠯᠡᠭᠡᠳ ᠨᠠᠳᠠ ᠨᠢᠭᠡ ᠶᠢ ᠨᠢ ᠦᠭᠭᠦᠯ᠎ᠡ᠃ ᠥᠵᠡᠭᠦᠯ᠎ᠡ ᠳᠠᠯᠠᠨ ᠶᠢᠰᠦᠳᠦᠭᠡᠷ ᠵᠢᠯ ᠪᠠᠩᠭᠢᠯᠠᠭᠰᠠᠨ ᠠᠷᠪᠠᠨ ᠵᠢᠯ ᠤᠨ ᠳᠠᠷᠬ᠎ᠠ ᠲᠡᠶ ᠳᠦᠷᠪᠠᠨ ᠮᠢᠩᠭ᠋ᠠᠨ ᠳᠦᠭᠦᠷᠢᠭ᠌ ᠪᠠᠢ᠌ᠵᠠᠢ᠃
ᠡᠪᠦᠭᠡᠨ᠄
᠊᠊᠊᠊᠊᠊᠊᠊᠊᠊᠊᠊᠊᠊᠊ ᠡᠭᠦᠨ ᠢ ᠶᠡᠭᠡ ᠨᠢᠷᠪᠠ ᠵᠤᠳᠤᠪ ᠪᠠᠩᠭᠢᠯᠠᠵᠤ ᠦᠭᠭᠦᠭ᠍ᠰᠡᠨ ᠪᠢᠯᠠ ᠭᠡᠪᠡ᠃ ᠡᠮᠡᠭᠡᠨ ᠥᠭᠡ ᠬᠠᠪᠯᠠᠨ᠄
᠊᠊᠊᠊᠊᠊᠊᠊᠊᠊᠊᠊᠊᠊᠊ ᠡᠨᠡ ᠮᠦᠩᠭᠦ ᠶᠢ ᠪᠢᠳᠠᠨ ᠳᠠᠪᠢᠨ ᠭᠡᠳᠥᠢᠳᠦᠭᠡᠷ ᠵᠢᠯ ᠪᠢᠯᠠ ᠦᠦ ︖ ᠭᠡᠨᠳᠡᠨ ᠭᠠᠷᠬᠤ ᠡᠴᠠ ᠡᠮᠤᠨ᠎ᠡ ᠡᠭᠢᠯᠡᠨ ᠬᠤᠷᠢᠶᠠᠭᠰᠠᠨ ᠶᠤᠮ᠃ ᠪᠢᠳᠠᠨ ᠳᠤ ᠴᠠᠢ ᠳᠠᠪᠣᠰᠤ ᠪᠠᠨ ᠠᠪᠣᠭᠠᠤᠨ ᠬᠠᠯᠠ ᠪᠠᠨ ᠬᠠᠭᠠᠵᠤ ᠣᠷᠭᠢᠬᠤᠯ᠎ᠠ ᠣᠠᠳᠤᠤ ᠮᠦᠩᠭᠦ ᠡᠳ᠋ᠯᠡᠳᠡᠭ᠌ ᠭᠠᠵᠠᠷ ᠪᠠᠢ᠌ᠬᠤ ᠶᠤᠮ ᠪᠢᠰᠢ᠂ ᠵᠢᠯ ᠡᠴᠡ ᠵᠢᠯ ᠬᠤᠷᠠᠭᠠᠤᠨ ᠪᠠᠢ᠌ᠯ᠎ᠠ᠃ ᠠᠪᠳᠠᠷ᠎ᠠ ᠶᠢᠨ ᠪᠣᠯᠤᠩ ᠳᠤ ᠵᠤᠵᠠᠭᠠᠷᠠᠭᠠᠤᠨ ᠪᠠᠢ᠌ᠵᠤ ᠳᠦᠷᠪᠠᠨ ᠮᠢᠩᠭ᠎ᠠ ᠭᠦᠷᠴᠡᠢ᠃ ᠪᠢᠳᠠᠨ ᠮᠦᠩᠭᠦ ᠪᠠᠩᠭᠢᠯᠠᠳᠠᠭ ᠶᠢᠡᠨ ᠶᠠᠭᠠᠭᠢᠵᠤ ᠮᠡᠳᠡᠭᠦ ᠪᠣᠢ᠃ ᠳᠠᠷᠠ ᠨᠠᠮᠤᠷ ᠵᠤᠳᠤᠪ ᠮᠠᠯ ᠳᠤᠭᠠᠯᠠᠵᠤ ᠢᠷᠡᠭᠡᠳ ᠰᠢᠳᠤ ᠨᠢ ᠡᠪᠠᠳᠦᠭ᠍ᠰᠡᠨ ᠳᠤ ᠥᠭᠡᠭ᠌ ᠡᠴᠡ ᠬᠠᠷ᠎ᠠ ᠬᠤᠤᠷᠠᠰᠤ ᠬᠠᠢ᠌ᠵᠤ ᠪᠠᠢ᠌ᠭᠠᠤᠨ ᠡᠨᠡ ᠮᠦᠩᠭᠦ ᠶᠢ ᠣᠯᠵᠤ ᠠᠪᠣᠭᠠᠤᠨ ᠪᠢᠳᠠᠨ ᠢ ᠬᠠᠷᠢᠶᠠᠵᠤ ᠶᠠᠷᠳᠠᠭᠠᠤᠨ ᠡᠪᠦᠷᠯᠡᠵᠤ ᠠᠪᠣᠭᠠᠤᠨ ᠶᠠᠪᠣᠯ᠎ᠠ᠂ ᠭᠡᠳᠤᠨ ᠡᠳᠦᠷ ᠤᠨ ᠳᠠᠷᠠᠭ᠎ᠠ ᠡᠢ᠌ᠮᠤ ᠨᠢᠭᠡ ᠴᠠᠭᠠᠰᠤ ᠪᠣᠯᠤᠨ ᠭᠡᠳᠤᠨ ᠭᠦᠡᠵᠢᠯᠡ ᠶᠢᠨ ᠭᠠᠳᠠᠷ ᠳᠤᠳᠤᠷ᠎ᠠ ᠬᠤᠪᠴᠠᠰᠤ ᠬᠤᠨᠠᠷ ᠠᠪᠴᠤ ᠢᠷᠠᠵᠤ ᠦᠭᠭᠦᠯ᠎ᠡ᠃ ᠨᠢᠭᠡ ᠯᠠ ᠴᠠᠭᠠᠰᠤᠨ ᠪᠣᠯᠬᠤᠯ᠎ᠠ ᠣᠯᠠᠨ ᠮᠦᠩᠭᠦ ᠬᠠᠳᠠᠭᠠᠯᠠᠬᠤ ᠡᠴᠠ ᠠᠮᠠᠷ ᠵᠢᠭᠢ᠃ ᠮᠥᠩᠭᠦᠨ ᠭᠡᠳᠡᠭ᠌ ᠶᠠᠭᠤᠮᠠᠨ ᠴᠢᠨᠢ ᠣᠳᠠᠭᠠᠨ ᠬᠠᠳᠠᠭᠠᠯᠠᠬᠤᠯᠠ ᠰᠢᠷᠠᠯᠠᠵᠤ ᠡᠪᠳᠡᠷᠡᠳᠡᠭ᠌ ᠡᠳ᠋ ᠵᠢᠭᠢ ᠰᠢᠤ᠃ ᠬᠠᠭᠤᠴᠢᠨ ᠮᠥᠩᠭᠦᠨ ᠰᠢᠨ᠎ᠡ ᠮᠥᠩᠭᠦᠨ ᠪᠠᠰᠠ ᠢᠵᠢᠯᠢ ᠪᠣᠯᠳᠠᠭ ᠦᠭᠡᠶ ᠵᠢᠭᠢ ᠭᠡᠵᠤ ᠪᠠᠶᠠᠷᠳᠠᠢ᠌ᠬᠠᠨ ᠶᠠᠷᠢᠬᠤ ᠳᠤ ᠮᠢᠨᠤ ᠢᠨᠢᠶᠠᠳᠤᠨ ᠭᠦᠷᠴᠤ ᠪᠠᠢ᠌ᠯ᠎ᠠ᠃
ᠬᠤᠶᠠᠷᠳᠠᠭᠴᠢ ᠴᠠᠭᠠᠰᠤ ᠶᠢ ᠠᠪᠴᠤ ᠥᠵᠡᠭᠦᠯ᠎ᠡ ᠨᠠᠶᠠᠨ ᠭᠤᠷᠪᠠᠳᠤᠭᠠᠷ ᠵᠢᠯ ᠤᠨ ᠨᠠᠮᠤᠷ ᠳᠤᠯᠤᠭᠠᠨ ᠵᠢᠯ ᠤᠨ ᠳᠠᠷᠬ᠎ᠠ ᠲᠡᠶ ᠪᠠᠷ ᠪᠠᠩᠭᠢᠯᠠᠭᠰᠠᠨ ᠭᠤᠷᠪᠠᠨ ᠮᠢᠩᠭ᠋ᠠᠨ ᠳᠦᠭᠦᠷᠢᠭ᠌ ᠪᠠᠢ᠌ᠯ᠎ᠠ᠃ ᠡᠪᠦᠭᠡᠨ ᠡᠨᠡ ᠮᠦᠩᠭᠦ ᠪᠠᠨ᠄
᠊᠊᠊᠊᠊᠊᠊᠊᠊᠊᠊᠊᠊᠊᠊ ᠳᠠᠷᠠ ᠬᠠᠪᠣᠷ ᠪᠢ ᠭᠦᠪᠠᠭᠦᠨ ᠲᠡᠶ ᠪᠠᠨ ᠪᠣᠭᠤ ᠶᠢᠨ ᠡᠪᠠᠷ ᠬᠠᠢ᠌ᠵᠤ ᠶᠡᠭᠡ ᠯᠠ ᠮᠦᠩᠭᠦ ᠣᠯᠤᠭᠰᠠᠨ ᠪᠢᠯᠠ᠃ ᠮᠢᠩᠭ᠋ᠠᠨ ᠢᠯᠡᠭᠦᠤ ᠳᠦᠭᠦᠷᠢᠭ᠌ ᠪᠣᠯᠪᠠ᠃ ᠨᠠᠮᠤᠷ ᠨᠢ ᠵᠤᠳᠤᠪ ᠪᠠᠰᠠ ᠯᠠ ᠮᠠᠯ ᠳᠤᠭᠠᠯᠠᠵᠤ ᠢᠷᠡᠭᠡᠳ ᠪᠠᠢ᠌ᠭᠰᠠᠨ ᠮᠦᠩᠭᠦ ᠶᠢ ᠡᠮᠡᠭᠡᠨ ᠡᠴᠡ ᠠᠪᠣᠭᠠᠤᠨ ᠳᠡᠭᠡᠷ᠎ᠡ ᠨᠢ ᠢᠯᠡᠭᠦᠴᠡ ᠪᠠᠢ᠌ᠭᠰᠠᠨ ᠳᠦᠷᠪᠠᠨ ᠥᠭᠡᠷ ᠬᠤᠷᠢᠨ ᠬᠤᠨᠢ ᠶᠢ ᠮᠢᠨᠢ ᠳᠠᠭᠤᠯᠭᠠᠵᠤ ᠠᠪᠴᠤ ᠣᠳᠤᠭᠠᠤᠨ ᠬᠤᠳᠠᠯᠳᠤᠭᠠᠤᠨ ᠨᠠᠢ᠌ᠳᠠ ᠭᠤᠷᠪᠠᠨ ᠮᠢᠩᠭ᠋ᠠᠨ ᠳᠦᠭᠦᠷᠢᠭ᠌ ᠪᠣᠯᠭᠠᠭᠠᠤᠨ ᠪᠠᠩᠭᠢᠯᠠᠵᠤ ᠦᠭᠭᠦᠯ᠎ᠡ ᠭᠡᠵᠤ ᠳᠠᠨᠢᠯᠴᠠᠭᠤᠯᠪᠠ᠃ ᠡᠮᠡᠭᠡᠨ ᠣᠳᠤ ᠢᠨᠢᠶᠡᠭ᠍ᠰᠡᠭᠡᠷ᠄
᠊᠊᠊᠊᠊᠊᠊᠊᠊᠊᠊᠊᠊᠊᠊ ᠵᠤᠳᠤᠪ ᠯᠠ ᠮᠠᠨ ᠤ ᠡᠪᠦᠭᠡᠨ ᠤ ᠳᠠᠷᠤᠯᠭ᠎ᠠ᠃ ᠮᠠᠯ ᠬᠤᠳᠠᠯᠳᠤᠨ᠎ᠠ ᠭᠡᠭᠦᠯ᠎ᠡ ᠡᠪᠦᠭᠡᠨ ᠪᠢᠳᠠᠨ ᠬᠤᠶᠠᠷ ᠴᠤᠭ ᠪᠣᠯᠳᠠᠭ ᠦᠭᠡᠶ᠃ ᠢᠩᠭᠢᠭᠦᠯ᠎ᠡ ᠵᠤᠳᠤᠪ ᠤᠨ ᠠᠤᠨ ᠨᠢ ᠭᠦᠳᠡᠯᠦᠭᠡᠳ ᠡᠪᠦᠭᠡᠨ ᠢ ᠬᠤᠨᠢᠨ ᠤ ᠬᠤᠳᠠᠨ ᠳᠤᠳᠤᠷ᠎ᠠ ᠱᠤᠤᠳᠠᠭᠠᠤᠨ᠂ ᠭᠡᠨᠳᠡᠨ ᠢ ᠮᠢᠨᠢ ᠬᠤᠳᠠ ᠡᠷᠭᠢᠭᠦᠯᠤᠨ ᠭᠦᠭᠡᠭᠡᠳ᠂ ᠵᠤ᠋ ᠪᠠᠷ ᠨᠢ ᠭᠡᠳᠤ ᠳᠠᠳᠠᠭᠠᠤᠨ ᠁ ᠳᠡᠭᠦᠨ ᠤ ᠴᠤ ᠵᠦᠪ᠃ ᠬᠤᠨᠢ ᠡᠷᠭᠢᠨ ᠵᠤᠯᠤᠵᠤ ᠶᠠᠪᠣᠬᠤ ᠭᠡᠨᠳᠡᠨ ᠢ ᠵᠢᠭᠠᠨ ᠵᠠᠩᠭ᠋ᠠᠵᠤ 《ᠡᠨᠡ ᠴᠢᠯᠠᠮᠠᠷ ᠴᠢᠨᠢ ᠳᠠᠪᠤᠨ ᠬᠤᠨᠢ ᠶᠢ ᠮᠢᠨᠢ ᠬᠤᠳᠠᠯᠳᠤᠭᠠᠤᠨ ᠠᠷᠢᠭᠢ ᠣᠤᠭᠤᠪᠠ ᠭᠡᠵᠤ ᠪᠠᠢ᠌ᠭᠰᠠᠨ ᠦᠭᠡᠶ ᠦᠦ ᠳᠠᠨᠠᠷ ⁈ ᠣᠳᠤ ᠭᠡᠳᠤᠨ ᠵᠢᠯ ᠪᠣᠯᠬᠤᠯ᠎ᠠ ᠴᠢᠮ᠎ᠠ ᠬᠤᠶᠠᠷ ᠢ ᠪᠠᠰᠠ ᠬᠤᠳᠠᠯᠳᠤᠨ᠎ᠠ ᠡᠨᠡ᠃ ᠲᠦᠮᠡᠨ ᠮᠠᠯ ᠭᠢᠵᠤ ᠠᠪᠣᠭᠠᠤᠨ ᠭᠦᠭ᠍ᠰᠢᠨ ᠪᠠᠶ᠎ᠠ ᠪᠠᠨ ᠵᠤᠪᠠᠭᠠᠳᠠᠭ ᠶᠠᠮᠠᠷ ᠠᠯᠪᠠ ᠪᠠᠢ᠌ᠨ᠎ᠠ᠃》 ᠭᠡᠳ ᠳᠠᠢ᠌ᠯᠠᠵᠤ ᠪᠠᠢ᠌ᠭᠠᠤᠨ ᠡᠪᠦᠭᠡᠨ ᠢ ᠮᠠᠯ ᠲᠡᠶ ᠪᠠᠶ᠎ᠠ ᠲᠡᠶ ᠨᠢ ᠳᠠᠭᠤᠵᠤ ᠠᠪᠣᠭᠠᠤᠨ ᠶᠠᠪᠣᠯ᠎ᠠ᠃ ᠣᠷᠤᠢ ᠨᠢ ᠡᠢ᠌ᠮᠤ ᠴᠠᠭᠠᠰᠤ ᠡᠪᠦᠷᠯᠡᠭᠦᠯᠦᠭᠡᠳ ᠬᠠᠷᠢᠭᠤᠯᠵᠠᠢ ᠭᠡᠵᠤ ᠣᠷᠢᠳᠤᠭᠢ ᠢᠨᠢᠶᠠᠳᠤᠮ ᠲᠡᠶ ᠭᠡᠷᠡᠭ᠌ ᠶᠢᠡᠨ ᠢᠨᠢᠶᠠᠨ ᠪᠠᠢ᠌ᠵᠤ ᠶᠠᠷᠢᠯ᠎ᠠ᠃
ᠡᠪᠦᠭᠡᠨ ᠡᠮᠡᠭᠡᠨ ᠳᠠᠯ᠎ᠠ ᠪᠠᠨ ᠬᠠᠯᠢᠶᠠᠵᠤ ᠣᠷᠭᠢᠭᠠᠤᠨ ᠶᠠᠭᠤ ᠴᠤ ᠭᠡᠯᠡᠭ᠍ᠰᠡᠨ ᠦᠭᠡᠶ᠃ ᠭᠤᠷᠪᠠᠳᠠᠭᠴᠢ ᠴᠠᠭᠠᠰᠤ ᠪᠠᠨ ᠨᠠᠳᠠ ᠥᠭ᠍ᠴᠤ᠄
᠊᠊᠊᠊᠊᠊᠊᠊᠊᠊᠊᠊᠊᠊᠊ ᠡᠨᠡ ᠨᠢᠳᠤᠨᠤᠨ ᠪᠣᠯᠤᠨ ᠣᠷᠵᠢᠨᠤᠨ ᠤ ᠣᠷᠤᠯᠭ᠎ᠠ᠃ ᠪᠠᠰᠠ ᠯᠠ ᠵᠤᠳᠤᠪ ᠪᠠᠩᠭᠢᠯᠠᠵᠤ ᠦᠭᠭᠦᠭ᠍ᠰᠡᠨ ᠪᠢᠯᠠ᠃ ᠣᠭ ᠨᠢ ᠳᠦᠷᠪᠠᠨ ᠮᠢᠩᠭ᠋ᠠᠨ ᠳᠠᠪᠤᠨ ᠵᠠᠭᠤ ᠢᠯᠡᠭᠦᠤ ᠳᠦᠭᠦᠷᠢᠭ᠌ ᠪᠣᠯᠳᠠᠭ ᠵᠦᠪᠳᠠᠢ ᠪᠢᠯᠠ᠃ ᠴᠠᠢ ᠳᠠᠪᠣᠰᠤᠨ ᠭᠡᠳ ᠵᠠᠷᠤᠭᠳᠠᠵᠤ᠂ ᠪᠠᠰᠠ ᠁ ᠪᠠᠰᠠ ᠁ ᠭᠡᠳ ᠡᠪᠦᠭᠡᠨ ᠤ ᠥᠭᠡ ᠨᠢ ᠳᠠᠰᠤᠷᠠᠨ ᠥᠩᠭᠡ ᠨᠢ ᠬᠤᠪᠢᠷᠠᠵᠤ ᠪᠦᠭ᠍ᠰᠢᠨ ᠬᠠᠨᠢᠶᠠᠯᠠ᠃ ᠡᠮᠡᠭᠡᠨ ᠪᠠᠰᠠ ᠣᠭᠢᠯᠠᠴᠢᠬᠠᠪᠠ᠃ ᠪᠢ ᠪᠠᠰᠠ ᠰᠥᠪᠠᠭ᠍ᠴᠢ ᠠᠯᠳᠠᠭᠠᠤᠨ ᠰᠠᠠᠳᠤᠷᠤᠯ᠎ᠠ᠃ ᠮᠦᠩᠭᠦ ᠪᠠᠨ ᠭᠡᠭᠡᠪᠡ ᠦᠦ᠂ ᠬᠤᠯᠠᠭᠠᠢ ᠳᠤ ᠠᠯᠳᠠᠪᠠ ᠦᠦ ᠭᠡᠵᠤ ᠳᠠᠭᠠᠮᠠᠭᠯᠠᠳᠠᠯᠠ ᠡᠪᠦᠭᠡᠨ᠄
᠊᠊᠊᠊᠊᠊᠊᠊᠊᠊᠊᠊᠊᠊᠊ ᠮᠢᠨᠤ ᠡᠨᠡ ᠭᠦᠪᠠᠭᠦᠤᠨ ᠭᠡᠳᠡᠭ᠌ ᠭᠦᠮᠤᠨ ᠪᠢᠰᠢ᠃ ᠡᠢ᠌ᠮᠤ ᠭᠦᠪᠠᠭᠦᠤᠨ ᠤᠨ ᠡᠴᠢᠭᠡ ᠪᠣᠯᠤᠭᠰᠠᠨ ᠣᠢ᠌ᠯᠠ ᠶᠢᠨ ᠦᠷᠠᠨ ᠭᠡᠭᠦ ᠡᠴᠡ ᠶᠠᠭᠤ ᠴᠤ ᠭᠡᠭᠦ ᠪᠣᠢ᠃ ᠡᠨᠡ ᠰᠤᠭᠳᠤᠭᠤ ᠠᠷᠢᠭᠢ ᠣᠤᠭᠤᠵᠤ ᠠᠪᠣᠭᠠᠤᠨ ᠭᠦᠮᠤ ᠴᠤᠭᠢᠭᠠᠤᠨ ᠳᠤᠯᠤᠭᠠᠨ ᠵᠡᠭᠤᠨ ᠳᠦᠭᠦᠷᠢᠭ᠌ ᠲᠦᠯᠤᠪᠠ᠃ ᠳᠡᠭᠦᠨ ᠢ ᠮᠢᠨᠤ ᠣᠯᠤᠭᠰᠠᠨ ᠵᠥᠭᠡᠭᠡᠭ᠍ᠰᠡᠨ ᠡᠴᠡ ᠦᠭᠭᠦᠯ᠎ᠡ᠃
᠊᠊᠊᠊᠊᠊᠊᠊᠊᠊᠊᠊᠊᠊᠊ ᠠᠢ ᠁ ᠣᠤᠠᠬᠤᠨ ᠭᠦᠪᠠᠭᠦᠨ ᠬᠤᠨᠢᠨ ᠤ ᠠᠷᠤ ᠡᠴᠠ ᠶᠠᠪᠣᠭᠰᠠᠨ ᠪᠣᠯᠵᠤ ᠯᠠ ᠪᠠᠢ᠌ᠨ᠎ᠠ᠃ ᠪᠠᠰᠠ ᠯᠠ ᠨᠠᠮᠢ᠋ᠢ ᠬᠠᠷᠠᠩᠭ᠋ᠤᠢ ᠬᠠᠶᠠᠯ᠎ᠠ ᠴᠢ ᠭᠡᠳ ᠥᠭᠡ ᠠᠪᠬᠤ ᠪᠠᠨ ᠣᠭᠤᠷᠪᠠ᠃ ᠵᠠᠰᠠᠭ ᠳᠠᠭᠠᠭᠠᠯᠭᠠᠵᠤ ᠦᠭᠭᠦᠭ᠍ᠰᠡᠨ ᠭᠤᠷᠪᠠᠨ ᠵᠠᠭᠤᠨ ᠬᠤᠨᠢ ᠡᠵᠡ ᠦᠭᠡᠶ ᠭᠡᠯᠳᠡᠢ ᠯᠠ ᠪᠠᠢ᠌ᠨ᠎ᠠ᠃ ᠶᠤ᠋ ᠶᠤᠬᠤ ︕ ᠡᠮᠡᠭᠡᠨ ᠨᠢᠭᠡ ᠠᠶᠠᠭ᠎ᠠ ᠴᠠᠢ ᠦᠭᠭᠦᠭᠡᠴᠢ᠃ ᠁ ᠪᠢ ᠨᠠᠮᠤᠷ ᠭᠦᠷᠳᠡᠯ᠎ᠡ ᠳᠡᠰᠭᠦ ᠦᠭᠡᠶ ᠶᠠᠩᠵᠤᠳᠠᠢ ᠪᠢ ᠯᠠ᠃ ᠭᠦᠪᠠᠭᠦᠨ ᠮᠢᠨᠢ᠂ ᠣᠤᠠᠬᠤᠨ ᠭᠦᠪᠠᠭᠦᠨ ᠶᠢᠡᠨ ᠨᠢ᠋ᠮᠠ ᠣᠩᠰᠢᠭᠤᠯᠤᠭᠠᠤᠨ ᠳᠠᠭᠢᠵᠤ ᠣᠩᠰᠢᠭᠤᠯᠤᠭᠰᠠᠨ ᠦᠭᠡᠶ ᠪᠢᠯᠠ ᠪᠢ᠃ ᠭᠦᠭᠡᠷᠦᠭᠦᠢ ᠪᠠᠨ ᠣᠩᠰᠢᠭᠤᠯᠵᠤ ᠯᠠ ᠥᠵᠡᠳᠡᠭ᠌ ᠶᠤᠮ ᠵᠢᠭᠢ᠃ ᠭᠡᠪᠠᠴᠤ ᠣᠳᠬᠤᠨ ᠭᠦᠪᠠᠭᠦᠨ ᠭᠡᠳᠡᠭ᠌ ᠡᠴᠢᠭᠡ ᠭᠦᠮᠤᠨ ᠤ ᠰᠠᠯᠵᠤ ᠪᠣᠯᠤᠰᠢ ᠦᠭᠡᠶ ᠨᠠᠷᠠᠨ ᠵᠢᠭᠢ᠃ ᠳᠡᠭᠡᠷ᠎ᠡ ᠡᠴᠡ ᠨᠢ ᠪᠢ ᠭᠦᠭ᠍ᠰᠢᠷᠡᠪᠡ᠂ ᠠᠬ᠎ᠠ ᠨᠢ ᠰᠤᠭᠤᠭᠢᠤᠷᠪᠠ᠃ ᠮᠠᠯ ᠳᠤ ᠭᠦᠮᠤᠨ ᠦᠭᠡᠶ᠃ ᠠᠢ ︕ ᠬᠠᠢ᠌ᠷᠠᠨ ᠭᠦᠪᠠᠭᠦᠨ ᠮᠢᠨᠢ ︕ ᠠᠪᠣᠨ᠎ᠠ ᠪᠢ ᠭᠡᠳ ᠪᠠᠢ᠌ᠬᠤᠯ᠎ᠠ ᠳᠠᠷᠠ 《ᠯᠤᠶᠢᠠᠵᠢ》 ᠭᠡᠳᠡᠭ᠌ ᠶᠠᠭᠤᠮ᠎ᠠ ᠶᠢ ᠠᠪᠴᠤ ᠦᠭᠭᠦᠯ᠎ᠡ᠃ ᠣᠯᠠᠮ ᠳᠠᠢ᠌ᠨ ᠪᠣᠯᠪᠠ᠃ ᠵᠠᠢ ᠳᠤᠰᠤᠨ ᠭᠡᠳᠡᠭ᠌ ᠢ ᠬᠠᠪᠣᠷ ᠡᠴᠠ ᠨᠠᠭᠠᠷᠤ ᠬᠤᠶᠠᠷ ᠳ᠋ᠠᠯᠢᠩ ᠪᠠᠷᠠᠵᠤ ᠠᠳᠠᠭ ᠲᠠᠭᠠᠨ ᠪᠠᠷᠢᠭᠤᠯ ᠴᠤ ᠦᠭᠡᠶ ᠬᠠᠪᠬᠠᠭ ᠴᠤ ᠦᠭᠡᠶ᠂ ᠭᠡᠷᠡᠭ᠌ ᠡᠴᠡ ᠭᠠᠷᠭᠠᠭᠠᠤᠨ ᠳᠠᠷᠮ᠎ᠠ ᠶᠢᠨ ᠳᠤᠯᠤᠭᠠᠢ ᠳᠤ ᠳᠠᠭᠢᠴᠢᠬᠠᠪᠠ᠃ ᠬᠠᠢ᠌ᠷᠠᠳᠠᠢ ᠭᠦᠪᠠᠭᠦᠨ ᠮᠢᠨᠢ ᠪᠢᠯᠠ᠂ ᠠᠬ᠎ᠠ ᠶᠢᠨ ᠶᠢᠡᠨ ᠮᠦᠷ ᠭᠦᠭᠡᠭᠡᠳᠡᠭ᠌ ᠪᠣᠯᠪᠠ᠃
᠊᠊᠊᠊᠊᠊᠊᠊᠊᠊᠊᠊᠊᠊᠊ ᠡᠨᠡ ᠵᠢᠯ ᠭᠤᠷᠪᠠᠨ ᠵᠠᠭᠤᠨ ᠬᠤᠨᠢ ᠡᠴᠠ ᠵᠠᠭᠤᠨ ᠳᠠᠯᠠᠨ ᠬᠤᠶᠠᠷᠬᠠᠨ ᠲᠦᠯ ᠪᠠᠷᠢᠪᠠ᠃ ᠬᠠᠯᠠᠭᠤᠨ ᠵᠤᠨ ᠶᠢᠡᠷ ᠠᠷᠪᠠᠨ ᠬᠤᠶᠠᠷ ᠬᠤᠨᠢ ᠴᠢᠨ᠋ᠸ᠎ᠠ ᠶᠢᠨ ᠰᠡᠭ᠌ ᠪᠣᠯᠪᠠ᠃ ᠶᠠᠭᠤᠨ ᠭᠡᠳᠡᠭ᠌ ᠮᠠᠭᠤ ᠢᠷᠸ᠎ᠠ ᠡ ᠭᠡᠵᠤ ᠶᠠᠷᠢᠬᠤ ᠡᠪᠦᠭᠡᠨ ᠤ ᠬᠤᠶᠠᠷ ᠨᠢᠳᠤᠨ ᠳᠤ ᠨᠢᠯᠪᠣᠰᠤᠨ ᠬᠤᠷᠠᠭᠰᠠᠨ ᠪᠠᠢ᠌ᠯ᠎ᠠ᠃
ᠨᠢᠮᠨᠢᠷ ᠤᠨ ᠡᠮᠡᠭᠡᠨ ᠨᠢᠯᠪᠣᠰᠤᠨ ᠳᠠᠭᠠᠨ ᠣᠭᠢᠶᠠᠭᠳᠠᠵᠤ ᠣᠳᠤᠭᠰᠠᠨ ᠥᠵᠡᠭ᠍ᠳᠡᠪᠡ᠃ ᠬᠤᠶᠠᠷ ᠨᠢᠳᠤ ᠨᠢ ᠣᠯᠠᠭᠠᠨ ᠮᠢᠬᠠᠨ ᠪᠣᠯᠤᠭᠰᠠᠨ ᠪᠠᠢ᠌ᠯ᠎ᠠ᠃ ᠭᠦᠭᠡᠷᠦᠭᠦᠢ ᠡᠭᠡ ᠶᠢᠨ ᠨᠢᠳᠤᠨ ᠤ ᠨᠢᠯᠪᠣᠰᠤ ᠶᠢ ᠭᠡᠨ ᠬᠠᠷᠢᠭᠤᠯᠬᠤ ᠪᠣᠢ ︖ ᠨᠢᠮᠨᠢᠷ ᠡᠪᠦᠭᠡᠨ ᠥᠭᠡ ᠳᠠᠭᠤᠨ ᠦᠭᠡᠶ ᠱᠤᠤᠭᠢᠷᠴᠤ ᠪᠠᠢ᠌ᠯ᠎ᠠ᠃
ᠥᠨᠡᠭᠡᠷ ᠡ᠂ ᠨᠢᠮᠨᠢᠷ ᠡᠪᠦᠭᠡᠨ ᠨᠠᠮᠤᠷ ᠭᠦᠷᠳᠡᠯ᠎ᠡ ᠳᠠᠰᠤᠨᠡ ᠦᠦ ᠳ᠋ᠠ ︖ ᠭᠦᠮᠤᠨ ᠤ ᠰᠡᠳᠭᠢᠯ ᠵᠤᠪᠠᠨ᠎ᠠ᠃
᠊᠊᠊᠊᠊᠊᠊᠊᠊᠊᠊᠊᠊᠊᠊ ᠳᠠ ᠶᠡᠭᠡ ᠶᠢᠨ ᠭᠠᠵᠠᠷ ᠶᠠᠪᠣᠭᠠᠤᠨ ᠡᠪᠡᠳᠴᠢᠨ ᠶᠢᠡᠨ ᠥᠵᠡᠭᠦᠯᠭᠦ ᠪᠢᠰᠢ ᠦᠦ ︕ ᠭᠡᠵᠤ ᠰᠠᠨᠠᠭ᠎ᠠ ᠵᠤᠪᠠᠭᠰᠠᠨ ᠳᠠᠭᠠᠨ ᠭᠡᠯᠡᠵᠤ ᠣᠷᠭᠢᠭᠠᠤᠨ ᠦᠪᠡᠷ ᠶᠢᠡᠨ ᠭᠡᠮᠰᠢᠪᠡ ᠪᠢ᠃
᠊᠊᠊᠊᠊᠊᠊᠊᠊᠊᠊᠊᠊᠊᠊ ᠠᠢ ᠁ ᠶᠡᠭᠡ ᠶᠢᠨ ᠭᠠᠵᠠᠷ ᠣᠳᠤᠶ᠎ᠠ ᠭᠡᠳ ᠭᠡᠪᠳᠡᠭ᠍ᠰᠡᠨ ᠡᠳᠦᠷ ᠡᠴᠡ ᠪᠠᠨ ᠠᠪᠣᠭᠠᠤᠨ ᠪᠣᠳᠤᠯ᠎ᠠ ᠪᠢ ᠁ ᠶᠠᠭᠠᠭᠢᠵᠤ ᠭᠦᠷᠤᠨ᠎ᠡ ︖ 《ᠲᠦᠮᠡᠨ ᠳᠦᠭᠦᠷᠢᠭ᠌ ᠮᠦᠩᠭᠦ ᠲᠡᠶ ᠪᠠᠷᠰ ᠴᠢᠨ᠋ᠸ᠎ᠠ ᠰᠢᠭ ᠬᠤᠶᠠᠷ ᠭᠦᠪᠠᠭᠦᠨ ᠲᠡᠶ ᠭᠦᠮᠤᠨ ᠳᠤ ᠪᠠᠭᠡᠵᠢᠩ ᠬᠤᠯᠠ ᠦᠦ ︖ ᠲᠦᠮᠡᠨ ᠳᠦᠭᠦᠷᠢᠭ᠌ ᠤᠨ ᠶᠢᠡᠨ ᠴᠢᠭᠢ ᠰᠡᠳᠡᠯᠭᠦ ᠡᠴᠡ ᠯᠠ ᠡᠯᠢᠭᠡ ᠨᠢ ᠡᠮᠳᠡᠷᠡᠵᠤ ᠪᠠᠢ᠌ᠨ᠎ᠠ》 ᠭᠡᠵᠤ ᠵᠠᠷᠢᠮ ᠨᠢ ᠨᠠᠮᠢ᠋ᠢ ᠭᠡᠯᠡᠨ᠎ᠡ ᠭᠡᠨ᠎ᠡ᠃ ᠮᠢᠨᠤ ᠭᠦᠪᠠᠭᠦᠤᠨ ᠁ ᠰᠢᠶᠠᠨ ᠤ ᠲᠦᠪ ᠲᠤ ᠪᠠᠰᠠ ᠭᠦᠷᠴᠤ ᠥᠵᠡᠭᠡᠳ ᠦᠭᠡᠶ᠃ ᠭᠢᠳᠠᠤᠨ ᠭᠡᠯᠡ ᠪᠠᠰᠠ ᠮᠡᠳᠡᠭᠦ ᠦᠭᠡᠶ᠃ ᠬᠤᠳᠠ ᠳᠤ ᠣᠷᠤᠨ᠎ᠠ ᠭᠡᠳ ᠬᠠᠮᠢᠭ᠎ᠠ ᠪᠠᠨ ᠣᠳᠴᠤ ᠁ ᠭᠡᠨ ᠳᠡᠭᠡᠨ ᠭᠡᠯᠡᠵᠤ ᠁ ᠶᠠᠭᠤ ᠪᠠᠨ ᠥᠵᠡᠭᠦᠯᠭᠦ ᠪᠣᠢ ︖ ᠭᠡᠳ ᠴᠠᠭᠠᠰᠢ ᠭᠡᠯᠡᠭᠦ ᠳᠤ ᠡᠪᠦᠭᠡᠨ ᠤ ᠭᠡᠢ ᠨᠢ ᠭᠦᠷᠦᠭ᠍ᠰᠡᠨ ᠦᠭᠡᠶ᠂ ᠨᠢᠳᠤ ᠪᠠᠨ ᠠᠨᠢᠵᠤ ᠳᠠᠭᠤ ᠪᠠᠨ ᠬᠤᠷᠢᠶᠠᠯ᠎ᠠ᠃ ᠡᠮᠡᠭᠡᠨ ᠳᠡᠯᠭᠡᠭᠡ ᠲᠡᠶ ᠶᠠᠭᠤᠮ᠎ᠠ ᠶᠢ ᠬᠤᠷᠢᠶᠠᠬᠤ ᠳᠤ ᠱᠢᠷᠤ ᠶᠢᠨ ᠱᠠᠩᠨᠠᠯ ᠤᠨ ᠴᠠᠭᠠᠰᠤ ᠨᠤᠭᠤᠳ ᠪᠠᠰᠠ ᠯᠠ ᠥᠵᠡᠭ᠍ᠳᠡᠭᠡᠳ᠂ ᠱᠢᠷᠤ ᠶᠢ ᠶᠠᠭᠤᠨ ᠳᠤ ᠭᠡᠯᠡᠭᠦ ᠦᠭᠡᠶ ᠪᠣᠢ ᠭᠡᠭᠦ ᠪᠣᠳᠤᠯ ᠴᠡᠭᠡᠵᠢ ᠶᠢ ᠮᠢᠨᠢ ᠮᠠᠭᠠᠵᠢᠵᠤ ᠢᠷᠠᠪᠠ᠃
ᠡᠮᠡᠭᠡᠨ ᠪᠠᠭᠯᠠᠭ᠎ᠠ ᠵᠠᠳᠠᠯᠬᠤ ᠳᠠᠭᠠᠨ ᠡᠪᠦᠷᠯᠡᠭ᠍ᠰᠡᠨ ᠡᠪᠭᠢᠶᠡᠰᠤ ᠲᠡᠶ ᠪᠢᠴᠢᠬᠠᠨ ᠴᠠᠭᠠᠰᠤ ᠪᠠᠨ ᠡᠪᠦᠷ ᠡᠴᠡ ᠪᠠᠨ ᠭᠠᠷᠭᠠᠵᠤ ᠬᠠᠯᠢᠶᠠᠵᠤ ᠪᠠᠢ᠌ᠭᠠᠤᠨ ᠪᠠᠰᠠ ᠯᠠ ᠨᠢᠯᠪᠣᠰᠤ ᠠᠰᠬᠠᠷᠠᠭᠤᠯᠵᠤ ᠣᠷᠭᠢᠪᠠ᠃
ᠨᠢᠮᠨᠢᠷ ᠡᠪᠦᠭᠡᠨ ᠨᠢᠳᠤ ᠪᠠᠨ ᠨᠡᠭᠡᠭᠡᠵᠤ ᠡᠮᠡᠭᠡᠨ ᠶᠢᠡᠨ ᠰᠢᠷᠳᠠᠨ ᠮᠠᠯᠠᠷᠠᠵᠤ ᠪᠠᠢ᠌ᠭᠰᠠᠨ ᠶᠢᠡᠨ᠄
᠊᠊᠊᠊᠊᠊᠊᠊᠊᠊᠊᠊᠊᠊᠊ ᠦᠨᠡᠨ ᠳᠤ ᠥᠵᠡᠭᠦᠯᠴᠢᠭᠡ᠃ ᠢᠵᠢᠯᠢ ᠬᠤᠶᠠᠷ ᠠᠩᠭᠢᠷ ᠰᠢᠭ ᠬᠠᠮᠳᠤ ᠣᠩᠰᠢᠵᠤ ᠶᠠᠪᠣᠳᠠᠭ ᠪᠢᠯᠠ ᠭᠡᠵᠤ ᠭᠡᠯᠡᠭᠡᠳ ᠴᠠᠭᠠᠷᠤ ᠡᠷᠭᠢᠵᠤ ᠭᠡᠪᠳᠡᠯ᠎ᠡ᠃
ᠡᠮᠡᠭᠡᠨ ᠴᠠᠭᠠᠰᠤ ᠪᠠᠨ ᠨᠠᠳᠠ ᠪᠠᠷᠢᠭᠤᠯᠵᠤ ᠣᠷᠭᠢᠭᠠᠤᠨ ᠭᠠᠷᠴᠤ ᠣᠳᠤᠯ᠎ᠠ᠃ ᠳᠠᠰᠬᠠᠯ ᠤᠨ ᠳᠠᠪᠳᠠᠷ ᠤᠨ ᠴᠠᠭᠠᠰᠤᠨ ᠳᠤ ᠡᠪ ᠦᠭᠡᠶ ᠡᠷᠢᠶᠡᠯᠡᠨ ᠪᠢᠴᠢᠭ᠍ᠰᠡᠨ ᠵᠠᠭᠢᠶᠠᠨ ᠪᠠᠢ᠌ᠯ᠎ᠠ᠄
ᠠᠪᠣ ᠡᠵᠢ ᠮᠢᠨᠢ᠄
ᠪᠢ ᠬᠤᠷᠢᠨ ᠳᠦᠷᠪᠠ ᠭᠦᠷᠪᠡ᠃ ᠠᠬ᠎ᠠ ᠶᠢ ᠭᠦᠯᠢᠶᠡᠭᠡᠳ ᠨᠠᠰᠤ ᠪᠠᠨ ᠪᠠᠷᠠᠬᠤ ᠭᠡᠴᠡᠭᠦᠤ ᠵᠢᠭᠢ᠃ ᠪᠢ ᠣᠳᠤ ᠵᠠᠮ ᠶᠢᠡᠨ ᠬᠠᠢ᠌ᠪᠠ᠃ ᠳᠠᠨᠠᠷ ᠳᠤᠳᠤᠷ᠎ᠠ ᠪᠠᠢ᠌ᠬᠤ ᠭᠡᠴᠡᠭᠦᠤ ᠵᠢᠭᠢ᠃
ᠡᠵᠢ ᠮᠢᠨᠢ ᠰᠡᠳᠭᠢᠯ ᠶᠢᠡᠨ ᠴᠢᠩᠭ᠋ᠠᠯᠠᠨ᠂ ᠪᠠᠶ᠎ᠠ ᠪᠠᠨ ᠰᠠᠢ᠌ᠨ ᠭᠠᠮᠨᠠᠵᠤ ᠶᠠᠪᠣᠭᠳᠤᠨ ︕ ᠪᠢ ᠡᠵᠢ ᠪᠠᠨ ᠭᠤᠮᠤᠳᠠᠬᠤ ᠶᠢᠨ ᠲᠦᠯᠦᠭᠡ ᠡᠷ᠎ᠡ ᠳᠠᠭᠠᠭᠰᠠᠨ ᠪᠢᠰᠢ᠂ ᠠᠢ᠌ᠳᠠᠢ ᠳᠠᠭᠠᠨ ᠭᠤᠮᠤᠳᠠᠭᠰᠠᠨ ᠳᠠᠭᠠᠨ ᠢᠩᠭᠢᠯᠠ᠃ ᠨᠠᠮᠢ᠋ᠢ ᠰᠠᠢ᠌ᠬᠠᠨ ᠣᠩᠰᠢᠵᠤ ᠪᠠᠢ᠌ᠳᠠᠯ᠎ᠠ ᠰᠤᠷᠭᠠᠭᠤᠯᠢ ᠡᠴᠠ ᠵᠤᠭᠰᠤᠭᠠᠵᠤ ᠬᠠᠷᠠᠩᠭ᠋ᠤᠢ ᠪᠣᠯᠭᠠᠪᠠ᠃ ᠭᠠᠵᠠᠷ ᠳᠡᠭᠡᠷᠡᠭᠢ ᠭᠠᠭᠴᠠᠬᠠᠨ ᠦᠬᠢᠨ ᠶᠢᠡᠨ ᠢᠩᠭᠢᠳᠡᠭ᠌ ᠠᠪᠣ ᠨᠠᠳᠠ ᠯᠠ ᠵᠠᠶᠠᠭᠠᠭᠳᠠᠵᠤ ᠯᠠ ︕ ᠨᠠᠳᠠ ᠲᠡᠶ ᠬᠠᠮᠳᠤ ᠣᠩᠰᠢᠭᠰᠠᠨ ᠰᠢᠷᠢᠪ ᠠᠪᠣ ᠶᠢᠨ ᠦᠨᠡᠨ ᠶᠠᠮᠠᠷ ᠶᠠᠪᠣᠵᠤ ᠪᠠᠢ᠌ᠨ᠎ᠠ ︖ ᠦᠨᠡᠨ ᠴᠢᠯᠦᠭᠡ ᠪᠠᠷ ᠢᠷᠡᠭᠦᠯ᠎ᠡ ᠪᠢ ᠭᠡᠷ ᠡᠴᠡ ᠭᠠᠷᠬᠤ ᠪᠠᠰᠠ ᠭᠡᠴᠡᠭᠦᠤ ᠪᠣᠯᠳᠠᠭ᠃ ᠠᠢ᠌ᠳᠠᠢ ᠮᠢᠨᠢ ᠢᠩᠭᠢᠭᠡᠳ ᠯᠠ ᠠᠯᠳᠠᠨ ᠰᠢᠭ ᠭᠠᠭᠴᠠ ᠦᠬᠢᠨ ᠶᠢᠡᠨ ᠠᠮᠢᠳᠤ ᠪᠠᠷ ᠨᠢ ᠠᠯᠠᠭᠰᠠᠨ ᠳ᠋ᠤᠨᠢ ᠭᠤᠮᠤᠳᠠᠨ᠎ᠠ ᠪᠢ᠃ ᠨᠢᠮᠨᠢᠷ ᠤᠨ ᠬᠠᠷᠠᠩᠭ᠋ᠤᠢ ᠬᠠᠷ᠎ᠠ ᠭᠡᠦᠭᠡᠨ ᠳᠤ ᠡᠷ᠎ᠡ ᠳᠠᠭᠠᠬᠤ ᠡᠴᠠ ᠣᠠᠳᠤᠤ ᠶᠠᠮᠠᠷ ᠠᠷᠭ᠎ᠠ ᠪᠠᠢ᠌ᠨ᠎ᠠ᠃
ᠡᠭᠦᠨ ᠤ ᠳᠤᠯᠠ
ᠱᠢᠷᠤ
ᠡᠨᠡ ᠵᠠᠭᠢᠶ᠎ᠠ ᠶᠢ ᠣᠩᠰᠢᠭᠠᠤᠨ ᠮᠢᠨᠤ ᠰᠡᠳᠭᠢᠯ ᠨᠢᠭᠡ ᠯᠠ ᠠᠳᠬᠤ ᠪᠣᠯᠵᠤ ᠣᠳᠤᠯ᠎ᠠ᠃ ᠭᠦᠭᠡᠷᠦᠭᠦᠢ ᠬᠠᠷ᠎ᠠ ᠪᠠᠭ᠎ᠠ ᠶᠢᠨ ᠨᠠᠢ᠌ᠵᠠ ᠮᠢᠨᠢ ᠡᠢ᠌ᠮᠤ ᠯᠠ ᠬᠤᠪᠢ ᠵᠠᠶᠠᠭᠠᠳᠠᠢ ᠪᠣᠯᠳᠠᠭ ᠨᠢ ᠶᠠᠭᠤᠨ ᠪᠣᠢ ︕ ᠱᠢᠷᠤ ᠶᠢ ᠭᠡᠨ ᠡᠢ᠌ᠮᠤ ᠪᠣᠯᠭᠠᠪᠠ ︖
ᠮᠢᠨᠤ ᠨᠢᠳᠤᠨ ᠱᠢᠷᠤ ᠶᠢᠨ ᠭᠠᠷᠭᠠᠭᠰᠠᠨ ᠡᠴᠢᠭᠡ ᠨᠢᠮᠨᠢᠷ ᠲᠤ ᠰᠢᠭᠠᠷᠠᠯᠠ᠃ ᠭᠡᠳᠡᠯ᠎ᠡ᠂ ᠨᠢᠮᠨᠢᠷ ᠡᠪᠦᠭᠡᠨ ᠤ ᠬᠤᠶᠠᠷ ᠳᠠᠯᠤ ᠴᠠᠴᠠᠷᠠᠵᠤ ᠪᠠᠢ᠌ᠨ᠎ᠠ᠃ ᠳᠠᠷᠠ ᠮᠡᠭ᠍ᠰᠢᠨ ᠣᠭᠢᠯᠠᠵᠤ ᠪᠠᠢ᠌ᠵᠠᠢ᠃ 《ᠡᠷ᠎ᠡ ᠮᠤᠬᠤᠷᠳᠠᠪᠠᠯ ᠮᠡᠭ᠍ᠰᠢᠨ᠎ᠡ᠂ ᠡᠯᠢᠶ᠎ᠡ ᠮᠤᠬᠤᠷᠳᠠᠪᠠᠯ ᠬᠠᠭᠰᠢᠨᠠ》 ᠭᠡᠳᠡᠭ᠌ ᠪᠢᠯᠠ ᠦᠦ ︕ ᠠᠢ᠂ ᠰᠠᠢ᠌ᠬᠠᠨ ᠶᠢᠷᠳᠢᠠᠴᠤ ᠳ᠋ᠠᠭᠢ ᠭᠦᠭᠡᠷᠦᠭᠦᠢ ᠭᠦᠮᠦᠰ ᠡ᠂ ᠳᠠᠨᠠᠷ ᠢ ᠶᠠᠭᠤᠨ ᠢᠩᠭᠢᠵᠤ ᠳᠤᠷᠣᠢ᠌ᠴᠠᠭᠤᠯᠪᠠ ︖
ᠪᠢ ᠵᠠᠭᠢᠳᠠᠯ ᠢ ᠭᠠᠵᠠᠷ ᠲᠤ ᠬᠠᠶᠠᠭᠠᠤᠨ ᠭᠦᠶᠦᠭᠡᠳ ᠭᠠᠷᠤᠯ᠎ᠠ᠃
1987 ᠣᠨ ᠤ 2 ᠰᠠᠷ᠎ᠠ
ᠵᠤᠬᠢᠶᠠᠭᠴᠢ ᠶᠢᠨ ᠬᠠᠶᠢᠭ ᠄ ᠰᠢᠠᠵᠢᠶᠠᠩ
ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9232
ᠴᠠᠭ᠄ 2011 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ