☆ ᠭᠦᠭᠡᠭᠠᠯ ᠳᠦᠷᠠᠯᠵᠠᠨ᠎ᠡ
ᠡᠵᠢ ᠮᠢᠨᠢ
ᠪᠣᠴᠠᠭᠠᠤᠨ ᠶᠠᠪᠣᠭᠰᠠᠨ ᠡᠵᠢ ᠮᠢᠨᠢ
ᠪᠣᠳᠤᠯᠭᠠᠨ ᠳᠤ ᠬᠤᠨᠤᠭᠰᠢᠨ᠎ᠠ᠂
ᠪᠠᠭ᠎ᠠ ᠶᠢᠨ ᠦᠶ᠎ᠡ ᠶᠢᠨ ᠠᠮᠢᠳᠤᠷᠠᠯ
ᠴᠡᠭᠡᠵᠢᠨ ᠳᠤ ᠡᠷᠭᠢᠴᠡᠨ᠎ᠡ᠂
ᠦᠷ᠎ᠡ ᠦᠦ ᠳ᠋ᠠ ᠵᠢᠷᠦᠭᠡ ᠭᠡᠵᠤ
ᠥᠭᠦᠭᠡᠷᠳᠡᠨ ᠰᠠᠨᠠᠯ᠎ᠠ ᠡᠵᠢ ᠮᠢᠨᠢ᠂
ᠥᠵᠡᠭᠦ ᠨᠢᠳᠤᠨ ᠤ ᠪᠠᠨ ᠴᠡᠴᠡᠭᠡᠢ ᠰᠢᠭ᠌
ᠬᠠᠢ᠌ᠷᠠᠯᠠᠨ ᠪᠣᠳᠤᠯ᠎ᠠ ᠡᠵᠢ ᠮᠢᠨᠢ
ᠥᠮᠦᠭ᠌ ᠵᠥᠮᠦᠭ᠌ ᠶᠠᠳᠠᠭᠤ ᠶᠠᠪᠣᠵᠤ
ᠥᠰᠦᠭ᠌ ᠪᠢᠴᠢᠭ᠌ ᠰᠤᠷᠭᠠᠯ᠎ᠠ᠂
ᠦᠳᠦ ᠰᠦᠳᠤ ᠮᠢᠨᠢ ᠪᠦᠷᠢᠦᠡᠭᠦ ᠦᠶᠡᠰ
ᠦᠷᠴᠢᠯᠡᠭᠡᠰᠤ ᠲᠡᠶ ᠴᠢᠷᠠᠢ ᠨᠢ ᠳᠠᠨᠢ᠌ᠯᠠ᠃
ᠠᠮᠢᠳᠤᠷᠠᠨ ᠠᠬᠤᠢ ᠶᠢᠨ ᠮᠢᠨᠦ᠋ᠲ ᠰᠸᠺᠦ᠋ᠨᠳ᠋ ᠵᠢᠠᠨ
ᠦᠷ᠎ᠡ ᠬᠡᠦᠬᠡᠳ ᠲᠤ ᠪᠠᠨ ᠡᠷᠭᠦᠯ᠎ᠡ᠃
ᠠᠮᠢ ᠨᠠᠰᠤᠨ ᠤ ᠪᠠᠨ ᠡᠴᠦᠰ ᠪᠣᠯᠳᠠᠯ᠎ᠠ
ᠵᠠᠭᠢᠵᠤ ᠭᠦᠮᠦᠵᠢᠭᠦᠯᠵᠤ ᠰᠤᠷᠭᠠᠯ᠎ᠠ᠃
ᠠᠯᠠᠭ ᠬᠤᠷᠸ᠎ᠠ ᠡᠴᠠ ᠠᠶᠠᠷᠯᠠᠬᠤ ᠪᠠᠨ
ᠠᠠᠳᠠᠯ ᠦᠭᠡᠶ ᠮᠡᠳᠡᠭ᠍ᠰᠡᠨ ᠴᠤ
ᠠᠴᠢ ᠦᠷ᠎ᠡ ᠳᠤ ᠪᠠᠨ ᠬᠤᠷᠭᠤᠳᠠᠭᠰᠭᠠᠷ ᠪᠠᠢ᠌ᠵᠤ
ᠬᠠᠯᠢᠵᠤ ᠣᠳᠤᠯ᠎ᠠ ᠡᠵᠢ ᠮᠢᠨᠢ
ᠰᠢᠭᠦᠳᠡᠷᠢ ᠶᠢᠨ ᠣᠰᠤ ᠶᠢ ᠴᠤᠭᠯᠠᠭᠤᠯᠤᠭᠠᠤᠨ
ᠴᠠᠢ ᠶᠢᠨ ᠣᠰᠤ ᠶᠢ ᠴᠢᠨᠢ ᠪᠣᠴᠠᠯᠭᠠᠪᠠᠴᠤ
ᠴᠢᠮᠦᠭᠡᠨ ᠳᠤᠰᠤ ᠪᠠᠷ ᠶᠢᠡᠨ ᠵᠤᠯᠠ ᠠᠰᠠᠭᠠᠭᠠᠤᠨ
ᠴᠤᠮᠴᠣᠢ᠌ᠵᠤ ᠰᠠᠭᠤᠭᠠᠤᠨ ᠮᠦᠷᠭᠦᠪᠠᠴᠤ
ᠳᠡᠭ᠍ᠷᠢ ᠢᠪᠠᠭᠡᠯ ᠲᠡᠶ ᠡᠵᠢ ᠶᠢᠨ ᠶᠢᠡᠨ ᠠᠴᠢ ᠵᠢ
ᠲᠦᠮᠡᠨ ᠤ ᠨᠢᠭᠡ ᠪᠠᠷ ᠬᠠᠷᠢᠭᠤᠯᠵᠤ ᠡᠰᠡ ᠴᠢᠳᠠᠬᠤ ᠳᠤ ᠪᠠᠨ
ᠳᠦᠭᠦᠭᠡ ᠦᠭᠡᠶ ᠦᠷ᠎ᠡ ᠴᠢᠨᠢ ᠪᠢ
ᠳᠤᠩᠭ᠋ᠠᠵᠤ ᠡ᠊ᠨᠳᠡ ᠪᠢᠴᠢᠵᠤ ᠪᠠᠢ᠌ᠨ᠎ᠠ᠃
ᠠᠯᠳᠠᠨ ᠪᠠᠶ᠎ᠠ ᠴᠢᠨᠢ ᠮᠠᠠᠳᠤ ᠪᠠᠢ᠌ᠬᠤ ᠳᠤ
ᠠᠰᠠᠷᠠᠵᠤ ᠬᠠᠷᠠᠭᠠᠯᠵᠠᠵᠤ ᠳᠡᠢ᠌ᠯᠦᠭ᠍ᠰᠡᠨ ᠦᠭᠡᠶ ᠪᠣᠯ
ᠠᠯᠳᠠ ᠮᠥᠩᠭᠦ ᠪᠠᠷ ᠪᠣᠮᠪᠠᠯᠠᠵᠤ ᠳᠠᠯᠪᠢᠭᠰᠠᠨ ᠴᠤ
ᠠᠶ᠎ᠠ ᠬᠠᠷᠢᠨ ᠶᠠᠮᠠᠷ ᠳᠤᠰᠠ᠃
ᠡᠷᠳᠡᠨᠢ ᠶᠢᠨ ᠴᠤᠭᠴᠠᠰ ᠴᠢᠨᠢ ᠡᠷᠡᠭᠦᠯ ᠠᠬᠤ ᠳ᠋ᠤ
ᠡᠯᠪᠠᠷᠡᠯ ᠵᠢᠷᠤᠮ ᠢ ᠭᠦᠢᠴᠡᠳᠭᠡᠭ᠍ᠰᠡᠨ ᠦᠭᠡᠶ ᠪᠣᠯ
ᠥᠭᠡᠷ ᠮᠠᠯ ᠶᠢᠡᠷ ᠳᠤᠶᠢᠩ ᠦᠭᠭᠦᠭ᠍ᠰᠡᠨ ᠴᠤ
ᠡᠮᠧ ᠴᠢᠮ᠎ᠠ ᠳᠤ ᠶᠠᠮᠠᠷ ᠭᠡᠷᠡᠭ᠌᠃
ᠭᠦᠮᠤᠨ ᠤ ᠶᠢᠷᠳᠢᠠᠴᠤ ᠳᠤ ᠭᠦᠮᠤᠨ ᠪᠣᠯᠤᠭᠠᠤᠨ
ᠭᠦᠮᠤᠨ ᠴᠢᠨᠠᠷ ᠶᠢᠡᠷ ᠶᠠᠪᠣᠬᠤ ᠦᠭᠡᠶ ᠪᠣᠯ
ᠭᠦᠮᠤᠨ ᠳᠤᠭᠠᠨ ᠡᠴᠠ ᠨᠠᠷᠠ ᠪᠠᠨ ᠪᠠᠯᠠᠯᠠᠵᠤ
ᠭᠦᠳᠡᠭᠡ ᠭᠡᠪᠳᠡᠭ᠍ᠰᠡᠨ ᠢ ᠭᠦᠷᠭᠦ ᠦᠦ ︖
ᠭᠦᠰᠡᠯ ᠤᠨ ᠭᠢᠨᠢ ᠬᠠᠷᠢᠭᠤ ᠦᠷ᠎ᠡ ᠨᠢ ᠪᠣᠯᠤᠭᠠᠤᠨ
ᠬᠡᠦᠬᠡᠳ ᠤᠨ ᠶᠤᠰᠤᠭᠠᠷ ᠭᠦᠡᠳᠦᠯᠡᠭ᠍ᠰᠡᠨ ᠦᠭᠡᠶ ᠪᠣᠯ
ᠭᠦᠭᠡ ᠳᠠᠪᠳᠠᠷ ᠣᠯᠠᠭᠠᠨ ᠱᠤᠭᠤᠮ ᠡᠴᠠ
ᠨᠠᠷᠠ ᠪᠠᠨ ᠬᠤᠰᠤᠭᠤᠯᠤᠭᠰᠠᠨ ᠢ ᠭᠦᠢᠴᠡᠭᠦ ᠦᠦ︖
ᠳᠤᠷᠠᠰᠤᠯ ᠮᠦᠷᠦᠭᠡᠳᠦᠯ ᠤᠨ ᠨᠢᠯᠪᠣᠰᠤ
ᠳᠤᠰᠤᠯ ᠳᠤᠰᠤᠯ ᠴᠤᠪᠣᠷᠠᠬᠤ ᠳᠤ
ᠳᠤᠩᠭ᠋ᠠᠵᠤ ᠪᠣᠳᠤᠬᠤ ᠠᠮᠢᠳᠤᠷᠠᠯ
ᠳᠤᠯᠭᠢᠶᠠᠨ ᠳᠠᠪᠠᠯᠭᠠᠨ ᠶᠢᠡᠷ ᠦᠶᠡᠷᠯᠠᠨᠡ᠃
ᠭᠢᠳᠡᠭ᠌ ᠶᠢᠡᠨ ᠭᠢᠭ᠍ᠰᠡᠨ ᠪᠣᠯ
ᠭᠦᠮᠤᠨ ᠤ ᠠᠮᠢᠳᠤᠷᠠᠯ ᠣᠶᠠᠩᠭ᠋᠎ᠠ ᠲᠡᠶ᠂
ᠡᠷᠭᠦᠳᠡᠭ᠌ ᠶᠢᠡᠨ ᠡᠷᠭᠦᠭ᠍ᠰᠡᠨ ᠪᠣᠯ
ᠥᠭᠡᠢ᠌ᠭᠦᠤ ᠶᠠᠪᠣᠭᠰᠠᠨ ᠴᠤ ᠵᠢᠷᠭᠠᠯ ᠲᠡᠶ᠃
ᠣᠰᠤᠯᠳᠠᠵᠤ ᠴᠠᠯᠭᠠᠢ᠌ᠷᠠᠬᠤ ᠣᠢ᠌ᠯᠠ ᠭᠡᠵᠤ
ᠡᠡᠨᠡᠵᠤ ᠡᠳᠡᠭᠡᠭᠦ ᠦᠭᠡᠶ ᠰᠤᠷᠪᠢ
ᠣᠯᠳᠠᠭᠰᠠᠨ ᠡᠨᠡ ᠪᠠᠶ᠎ᠠ ᠵᠢᠨ
ᠮᠠᠷᠳᠠᠵᠤ ᠪᠣᠯᠤᠰᠢ ᠦᠭᠡᠶ ᠰᠤᠷᠭᠠᠮᠵᠢ᠃
ᠪᠣᠴᠠᠭᠠᠤᠨ ᠶᠠᠪᠣᠭᠰᠠᠨ ᠡᠵᠢ ᠮᠢᠨᠢ
ᠪᠣᠳᠤᠯᠭᠠᠨ ᠳᠤ ᠬᠤᠨᠤᠭᠰᠢᠨ᠎ᠠ᠂
ᠪᠣᠯᠠᠵᠤ ᠪᠣᠯᠤᠰᠢ ᠦᠭᠡᠶ ᠳᠤᠷᠠᠳᠭᠠᠯ
ᠮᠥᠩᠭᠡ ᠨᠠᠮ᠎ᠠ ᠳᠤ ᠡᠷᠭᠢᠴᠡᠨ᠎ᠡ᠃
ᠵᠤᠬᠢᠶᠠᠭᠴᠢ ᠶᠢᠨ ᠬᠠᠶᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠠᠳᠤᠭᠤᠴᠢᠨ ᠰᠤᠮᠤ ᠶᠢᠨ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠭᠦᠭᠡᠭᠠᠯ ᠳᠦᠷᠠᠯᠵᠠᠨ᠎ᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3071
ᠴᠠᠭ᠄ 2010 ᠤᠨ ᠤ 06 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ